ᠰᠡᠷᠵᠢᠮ ᠡᠷᠭᠦᠬᠦ ᠶᠣᠰᠣСэржим өргөх ёс ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠵᠢᠮ ᠡᠷᠭᠦᠬᠦ ᠶᠣᠰᠣСэржим өргөх ёс

ᠰᠡᠷᠵᠢᠮ ᠡᠷᠭᠦᠬᠦ ᠶᠣᠰᠣСэржим өргөх ёс

ᠠᠩᠭᠢᠯᠠᠯ:ᠵᠠᠩ ᠦᠢᠯᠡ
2023-05-06

321

ᠰᠡᠷᠵᠢᠮ ᠡᠷᠭᠦᠬᠦ ᠶᠣᠰᠣ

  ᠠᠷᠢᠬᠢ ᠲᠠᠢ ᠬᠣᠯᠪᠣᠭ᠎ᠠ ᠲᠠᠢ ᠨᠢᠭᠡ ᠵᠠᠩᠰᠢᠯ ᠪᠣᠯ ᠰᠡᠷᠵᠢᠮ ᠡᠷᠭᠦᠬᠦ ᠶᠣᠰᠣ ᠶᠤᠮ᠃ ᠲᠡᠭᠦᠨ ᠢ᠋ ᠢᠳᠠᠮ ᠬᠤᠷᠤᠭᠤ ᠪᠠᠷ ᠭᠤᠷᠪᠠᠨ ᠤᠳᠠᠭ᠎ᠠ ᠡᠷᠭᠦᠳᠡᠭ ᠭᠤᠷᠪᠠᠨ ᠤᠳᠠᠭ᠎ᠠ ᠡᠷᠭᠦᠬᠦ ᠶ᠋ᠢᠨ ᠤᠴᠢᠷ ᠨᠢ ᠬᠥᠬᠡ ᠲᠡᠭᠷᠢ ᠠᠮᠤᠭᠤᠯᠠᠩ ᠪᠠᠢᠭᠬᠥᠷᠥᠰᠥᠲᠦ ᠳᠡᠯᠡᠬᠡᠢ ᠠᠮᠤᠭᠤᠯᠠᠩ ᠪᠠᠢᠭᠬᠥᠮᠦᠨ ᠵᠤᠨ ( ᠠᠢᠯ ᠠᠮᠢᠲᠠᠨ ) ᠠᠮᠤᠭᠤᠯᠠᠩ ᠪᠠᠢᠭᠭᠡᠰᠡᠨ ᠤᠳᠬ᠎ᠠ ᠲᠠᠢ᠃ ᠢᠳᠠᠮ ᠬᠤᠷᠤᠭᠤ ᠪᠠᠷ ᠡᠷᠭᠦᠳᠡᠭ ᠶᠠᠮᠠᠷ ᠤᠴᠢᠷ ᠲᠠᠢ ᠶᠤᠮ ᠭᠡᠬᠦᠯᠡᠷ ᠲᠡᠷᠡ ᠨᠢ ᠭᠠᠷ ᠤ᠋ᠨ ᠲᠠᠪᠤᠨ ᠬᠤᠷᠤᠭᠤᠨ ᠤ᠋ ᠳᠣᠲᠣᠷ᠎ᠠ ᠠ᠋ᠴᠠ ᠪᠣᠯᠬᠤ ᠪᠣᠯᠬᠤ ᠦᠬᠡᠷ ᠶᠠᠭᠤᠮᠠᠨ ᠳ᠋ᠤ᠌ ᠬᠦᠷᠳᠡᠭ ᠦᠬᠡᠷ ᠬᠠᠮᠤᠭ ᠤ᠋ᠨ ᠴᠡᠪᠡᠷ ᠶᠤᠮ᠃ ᠶᠠᠭᠠᠬᠢᠭᠠᠳ ᠢᠳᠠᠮ ᠬᠤᠷᠤᠭᠤ ᠭᠡᠵᠦ ᠨᠡᠷᠡᠯᠡᠳᠡᠭ ᠶᠦ᠍ᠮ ᠭᠡᠪᠡᠯ᠄ ᠮᠣᠩᠭᠣᠯ ᠤ᠋ᠨ ᠨᠥᠯᠥᠭᠡ ᠪᠦᠬᠦᠢ ᠲᠣᠮᠣ ᠨᠣᠶᠠᠳ ᠢ᠋ ᠮᠠᠨᠵᠤ ᠶ᠋ᠢᠨ ᠬᠠᠭᠠᠨ ᠤᠷᠢᠵᠠᠢ᠃ ᠤᠷᠢᠬᠤ ᠳ᠋ᠠᠭᠠᠨ ᠴᠢᠩᠭᠢᠰ ᠦ᠋ᠨ ᠡᠦᠲᠦᠮ ᠦ᠋ᠨ ᠳᠡᠭᠡᠳᠦ ᠨᠣᠶᠠᠳ ᠢ᠋ ᠤᠰᠠᠳᠬᠠᠷ᠎ᠠ ᠭᠡᠰᠡᠨ ᠳᠠᠯᠳᠠ ᠰᠠᠨᠠᠭ᠎ᠠ ᠲᠠᠢ ᠪᠠᠢᠭᠰᠠᠨ ᠶᠤᠮᠰᠠᠨᠵᠠᠢ᠃ ᠲᠣᠮᠣ ᠬᠦᠯᠢᠶᠡᠨ ᠠᠪᠤᠯᠲᠠ ᠬᠢᠵᠦ ᠪᠦᠭᠦᠳᠡ ᠳ᠋ᠦ᠍ᠨᠢ ᠡᠷᠳᠡᠨᠢ ᠶ᠋ᠢᠨ ᠬᠠᠰ ᠬᠤᠨᠳᠠᠭ᠎ᠠ ᠲᠠᠢ ᠠᠷᠢᠬᠢ ᠪᠠᠷᠢᠵᠠᠢ᠃ ᠲᠡᠷᠡ ᠨᠢ ᠪᠦᠭᠦᠳᠡ ᠬᠣᠣᠷ᠎ᠠ ᠲᠠᠢ ᠪᠠᠢᠵᠠᠢ ᠰᠡᠵᠢᠭ ᠠᠪᠤᠭᠤᠯᠬᠤ ᠦᠭᠡᠢ ᠶ᠋ᠢᠨ ᠲᠤᠯᠠᠳᠠ ᠬᠣᠣᠷ᠎ᠠ ᠶ᠋ᠢ ᠲᠡᠷᠡ ᠳᠣᠣᠷ᠎ᠠ ᠪᠠᠨ ᠦᠬᠦᠭᠦᠯᠬᠦ ᠦᠭᠡᠢ ᠤᠳᠠᠭᠠᠨ ᠦᠢᠯᠡᠴᠢᠯᠡᠭᠡ ᠲᠠᠷ᠂ ᠶᠠᠩᠵᠤ ᠪᠦᠷᠢ ᠪᠡᠷ ᠨᠠᠢᠷᠠᠭᠤᠯᠤᠭᠰᠠᠨ ᠪᠠᠢᠭᠰᠠᠨ ᠢ᠋ ᠢᠳᠠᠮ ᠲᠦᠰᠢᠮᠡᠯ ᠮᠡᠳᠡᠩᠭᠦᠲᠡ ᠪᠡᠨ᠄ ᠳᠡᠭᠡᠳᠦᠰ ᠢ᠋ ᠳᠠᠭᠠᠵᠤ ᠢᠷᠡᠭᠰᠡᠨ ᠦ᠌ ᠬᠢ ᠶᠠᠭᠤ ᠪᠢᠯᠡ᠂ ᠪᠢ ᠨᠢᠭᠡ ᠬᠥᠨᠲᠥᠷᠴᠢᠬᠡᠶ᠎ᠡ ᠭᠡᠳ ᠬᠤᠨᠳᠠᠭ᠎ᠠ ᠪᠠᠨ ᠲᠤᠰᠴᠠᠢ᠃ ᠴᠢᠩᠭᠢᠭᠡᠳ ᠦᠬᠦᠬᠦᠯᠡᠷ ᠨᠢ ᠬᠤᠷᠤᠭᠤ ᠪᠠᠨ ᠲᠥᠷᠥᠭᠡᠳ ᠰᠡᠷᠵᠢᠮ ᠡᠷᠭᠦᠬᠦ ᠳ᠋ᠦ᠍ ᠯᠡ ᠬᠤᠷᠤᠭᠤ ᠨᠢ ᠬᠤᠪᠠᠬᠠᠢ ᠴᠠᠢᠵᠤ ᠮᠢᠬ᠎ᠠ ᠨᠢ ᠰᠢᠪᠲᠤᠷᠠᠭᠠᠳ ᠶᠠᠰᠤ ᠨᠢ ᠭᠣᠵᠣᠢᠨ ᠦᠯᠡᠳᠡᠵᠡᠢ ᠢᠩᠭᠢᠵᠦ ᠮᠣᠩᠭᠣᠯ ᠤ᠋ᠨ ᠨᠣᠶᠠᠳ ᠢ᠋ ᠠᠪᠤᠷᠠᠭᠰᠠᠨ ᠢᠳᠠᠮ ᠲᠦᠰᠢᠮᠡᠯ ᠦ᠋ᠨ ᠨᠡᠷ᠎ᠡ ᠪᠡᠷ ᠨᠡᠷᠡᠯᠡᠭᠰᠡᠨ ᠶᠦ᠍ᠮ ᠭᠡᠳᠡᠭ ᠳᠣᠮᠣᠭ ᠶᠠᠷᠢᠶ᠎ᠠ ᠪᠠᠢᠳᠠᠭ᠃

  ᠡᠬᠢ ᠰᠤᠷᠪᠤᠯᠵᠢ᠄ᠨᠡᠪᠲᠡᠷᠬᠡᠢ ᠲᠣᠯᠢ