ᠢᠷᠡᠬᠦ ᠵᠠᠭᠤᠨ ᠤ ᠬᠣᠩᠬᠣᠨ ᠳᠠᠭᠤᠨ (2) - ᠲ ᠂ ᠭᠣᠮᠪᠣᠵᠠᠪ Ирэх зууны хонхон дуун (2) - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠡᠬᠦ ᠵᠠᠭᠤᠨ ᠤ ᠬᠣᠩᠬᠣᠨ ᠳᠠᠭᠤᠨ (2) - ᠲ ᠂ ᠭᠣᠮᠪᠣᠵᠠᠪ Ирэх зууны хонхон дуун (2) - Т ᠂ Гомбожав

ᠢᠷᠡᠬᠦ ᠵᠠᠭᠤᠨ ᠤ ᠬᠣᠩᠬᠣᠨ ᠳᠠᠭᠤᠨ (2) - ᠲ ᠂ ᠭᠣᠮᠪᠣᠵᠠᠪ Ирэх зууны хонхон дуун (2) - Т ᠂ Гомбожав

2023-05-06

203

ᠢᠷᠡᠬᠦ ᠵᠠᠭᠤᠨ ᠤ ᠬᠣᠩᠬᠣᠨ ᠳᠠᠭᠤᠨ (2)


                      ᠲ᠂  ᠭᠣᠮᠪᠣᠵᠠᠪ    
      
         ᠢᠷᠡᠬᠦ ᠵᠠᠭᠤᠨ ᠪ ᠬᠣᠩᠬᠣᠨ ᠳᠠᠭᠤᠨ ( ᠬᠣᠶᠠᠷ )  
                
 ᠴᠠᠭ ᠂ ᠤᠯᠠᠮ ᠤᠯᠠᠮ ᠶ᠋ᠢᠠᠷ ᠨᠢᠮᠭᠡᠷᠡᠵᠦ
 ᠴᠠᠭᠠᠨ᠎ᠠ ᠠ᠋ᠴᠠ ᠢᠷᠡᠬᠦ ᠥᠷᠥᠭᠡᠰᠦᠨ ᠲᠠᠭᠲᠠᠬ᠋᠎ᠠ
 ᠴᠢᠩᠨᠠᠬᠤ ᠳᠣᠳᠣᠮ ᠪᠦᠦᠷ ᠲᠦᠦᠷ ᠰᠣᠨᠣᠰᠲᠠᠨ᠎ᠠ
 ᠪᠦᠷᠦᠭᠬᠡᠨ ᠲᠣᠬᠲᠣᠯᠣᠯ ᠳ᠋ᠠᠭᠠᠨ
 ᠪᠥᠮᠪᠥᠷᠴᠡᠭ ᠮᠢᠨᠢ ᠬᠥᠩᠭᠡᠬᠡᠨ ᠳᠣᠯᠭᠢᠰᠴᠤ 
 ᠪᠦᠰᠡᠭᠦᠢ ᠶᠠᠭᠠᠨ ᠴᠢᠷᠠᠢ ᠨᠤᠭᠤᠳ
 ᠪᠦᠱᠦᠭᠦᠷᠬᠡᠭ ᠤᠯᠠᠪᠠᠯᠵᠠᠵᠤ ᠡᠬᠢᠯᠡᠨ᠎ᠡ

 ᠥᠴᠥᠭᠡᠲᠦᠷ ᠦ᠋ᠨ ᠵᠠᠮ ᠨᠣᠪ ᠨᠣᠶ᠋ᠢᠲᠠᠨ
 ᠡᠭᠦᠯᠡ ᠤᠨᠢᠶᠠᠷ ᠬᠣᠯᠠᠲᠠᠬᠤ ᠳᠣᠳᠣᠮ ᠥᠤᠠᠬᠡᠷᠡᠬᠦ ᠨᠢ
 ᠦᠨᠡᠨ ᠳ᠋ᠡᠭᠡᠨ ᠲᠡᠦᠬᠡ ᠪᠢᠯᠡ
 ᠦᠯᠢᠭᠡᠷ ᠨᠢ ᠲᠡᠭᠡᠪᠡᠴᠦ
 ᠥᠭᠦᠯᠡᠪᠦᠷᠢ ᠪᠡᠨ ᠶᠠᠭᠠᠬᠢᠵᠤ ᠲᠡᠭᠦᠰᠬᠡᠬᠦ ᠲᠤᠬᠠᠢ
 ᠦᠭᠡ ᠣᠯᠤᠬ᠋᠎ᠠ ᠦᠭᠡᠢ ᠡ

 ᠡᠮᠦᠰᠦᠭᠰᠡᠨ ᠭᠤᠲᠤᠯ ᠶ᠋ᠢᠠᠨ ᠲᠠᠶ᠋ᠢᠯᠬᠤ ᠪᠣᠲᠣᠯ
 ᠥᠨᠥᠲᠥᠷ ᠪᠦᠬᠦᠨ ᠊ᠢ ᠭᠡᠲᠡᠭᠡᠯᠡᠪᠡᠴᠥ
 ᠥᠷᠭᠡᠰᠦᠨ ᠪ ᠲᠤᠬᠠᠢ ᠳᠤᠷᠠᠳᠬᠠᠯ ᠶ᠋ᠢᠠᠷ ᠶ᠋ᠢᠠᠨ
 ᠥᠯᠮᠡᠢ ᠨᠢᠭᠡᠪᠦᠷᠢ
 ᠥᠨᠲᠡᠶ᠋ᠢᠨ ᠥᠨᠲᠡᠶ᠋ᠢᠨ ᠬᠣᠯᠠ ᠶ᠋ᠢᠨ ᠪᠠᠷ᠎ᠠ ᠠᠵᠢᠨ᠎ᠠ

 ᠬᠣᠯᠠ ᠶ᠋ᠢᠨ ᠪᠠᠷ᠎ᠠ ᠳᠤ
 ᠬᠣᠷᠸ᠋᠎ᠠ ᠠᠷᠭᠠᠲᠠᠬᠤ ᠰᠢᠨᠡᠬᠡᠨ ᠠᠪᠢᠶ᠎ᠠ
 ᠥᠷᠥᠭᠡᠰᠦᠨ ᠲᠠᠭᠲᠠᠬ᠋᠎ᠠ ᠬᠠᠷᠠᠭᠲᠠᠨ᠎ᠠ
 ᠬᠦᠰᠡᠷᠲᠡᠯ ᠠᠴᠢᠬᠰᠠᠨ ᠲᠡᠮᠡᠭᠡᠨ ᠰᠦᠷᠦᠭ
 ᠬᠥᠲᠥᠯ ‍ᠦᠨ ᠤᠷᠤᠢ ᠬᠢᠰᠬᠢᠵᠤ
 ᠬᠦᠰᠡᠯ ᠦ᠋ᠨ ᠲᠤᠬᠠᠢ ᠤᠯᠠᠨ ᠪᠣᠲᠣᠯ ᠶ᠋ᠢᠠᠷ
 ᠬᠦᠷᠴᠦ ᠢᠷᠡᠭᠡ ᠦᠭᠡᠢ ᠲᠠᠭᠲᠠᠭᠠᠨ ᠴᠢᠮᠡᠭᠡ ᠴᠢᠩᠨᠠᠨ᠎ᠠ

 ᠰᠠᠷᠠ ᠂ ᠲᠡᠭᠡᠬᠦ ᠳᠤ
 ᠰᠠᠬᠠᠯ ᠨᠢ ᠪᠤᠭᠤᠷᠤᠯᠰᠢᠬᠰᠨ ᠡᠪᠦᠭᠡᠨ ᠵᠠᠭᠤᠨ ᠠ᠋ᠴᠠ ᠪᠠᠨ
 ᠰᠠᠨᠠᠬ᠋᠎ᠠ ᠠᠯᠲᠠᠭᠰᠠᠭᠠᠷ ᠬᠠᠪᠢᠷᠭᠠᠬᠠᠨ ᠨᠠᠤᠠᠬᠤᠵᠤ
 ᠰᠠᠶ᠋ᠢᠬᠠᠨ ᠲᠡᠷᠭᠡᠯ ᠵᠡᠭᠦᠲᠦᠨ ᠳ᠋ᠡᠭᠡᠨ
 ᠰᠠᠨᠰᠠᠷ ᠳᠠᠮᠵᠢᠨ ᠢᠷᠡᠬᠦ ᠲᠠᠭᠲᠠᠭᠠᠨ ᠴᠢᠮᠡᠭᠡ ᠪᠡᠷ ᠥᠨᠲᠡᠶ᠋ᠢᠨ᠎ᠡ ᠁
 ᠣᠷᠴᠢᠯᠠᠩ ᠦ᠋ᠨ
 ᠤᠯᠠᠮ ᠶ᠋ᠢᠠᠷ ᠨᠢᠮᠭᠡᠷᠡᠬᠦ ᠴᠠᠭ ᠦ᠋ᠨ ᠴᠠᠭᠠᠨ᠎ᠠ ᠠ᠋ᠴᠠ
 ᠣᠲᠣᠨ ᠴᠣᠪᠣᠭᠣ ᠭᠢᠯᠪᠠᠵᠤ ᠢᠷᠡᠬᠦ
 ᠬᠥᠭᠡᠷᠦᠬᠦᠨ ᠲᠡᠷᠡ ᠲᠠᠭᠲᠠᠬ᠋᠎ᠠ
 ᠬᠥᠮᠦᠨ ᠪ ᠤᠬᠠᠭᠠᠨ ᠳᠤ ᠰᠡᠭᠦᠷᠡᠰᠦ ᠳᠠᠷᠤᠬᠤ
 ᠰᠢᠷᠬ᠎ᠠ ᠦᠭᠡᠢ ᠯᠠ ᠪᠠᠶ᠋ᠢᠭᠠᠰᠠᠢ ᠡ

         ᠵᠠᠭᠤᠨ ᠪ ᠰᠢᠷ᠎ᠠ ᠪᠦᠷᠦᠢ 

 ᠲᠠᠮᠢᠷᠳᠠᠭᠰᠠᠨ ᠨᠠᠷᠠ ᠡᠴᠦᠰ ᠲᠡᠭᠡᠨ
 ᠲᠠᠨᠢᠯ ᠵᠠᠭᠤᠨ ᠤ  ᠪᠠᠨ ᠰᠡᠭᠦᠯᠴᠢ ᠶᠢᠨ ᠵᠢᠰᠦᠨ ᠡᠴᠡ
 ᠲᠠᠢᠪᠤᠭᠤᠬᠠᠨ ᠪᠦᠱᠦᠭᠦᠷᠬᠡᠯ᠎ᠡ  
 
 ᠣᠭᠲᠠᠷᠭᠤᠢ ᠲᠤᠢᠯ ᠤᠨ ᠨᠠᠮ ᠵᠢᠮ
 ᠣᠳᠣ ᠪᠠᠢᠷᠢᠰᠢᠬᠤ ᠪᠣᠯᠣᠭ᠎ᠠ ᠦᠭᠡᠢ
 ᠣᠷᠬᠢᠵᠤ ᠤᠳᠤᠭᠰᠠᠨ ᠨᠠᠷᠠᠨ ᠤ ᠲᠤᠶᠠᠭᠠᠨ ᠳᠤ
 ᠣᠷᠬᠢᠮᠵᠢᠨ ᠳᠣᠣᠷᠡᠬᠢ ᠳᠡᠯᠡᠬᠡᠢ
 ᠥᠨᠳᠥᠷ ᠨᠠᠮ ᠰᠢᠵᠢᠷᠳᠡᠨ᠎ᠡ
 ᠡᠮᠦᠰᠴᠦ ᠤᠳᠠᠭᠰᠠᠨ ᠲᠣᠷᠭᠠᠨ ᠴᠠᠮᠴᠠᠨ ᠤ ᠥᠲᠡᠯᠦᠭᠰᠡᠨ ᠬᠣᠷᠮᠣᠢ
 ᠥᠴᠥᠭᠡᠳᠦᠷ ᠲᠡᠰᠢ ᠰᠡᠮᠡᠷᠬᠡᠢ ᠬᠤᠷᠤᠯᠵᠠᠨ
 ᠥᠭᠡᠳᠡ ᠴᠤᠪᠤᠭᠰᠠᠨ ᠵᠠᠯᠠᠭᠤ ᠤᠬᠠᠭᠠᠨ ᠤ
 ᠥᠰᠪᠦᠷᠢ ᠰᠢᠯᠪᠢ ᠦᠳᠡᠰᠢ ᠳᠤᠰᠤᠨ ᠨᠢᠴᠦᠭᠦᠨ ᠱᠤᠤᠭᠢᠨ᠎ᠠ

 ᠬᠡᠭᠡᠷ᠎ᠡ ᠡᠴᠡ
 ᠬᠡᠭᠡᠯᠢ ᠳᠦᠭᠦᠷᠡᠩ ᠠᠮᠢ ᠨᠠᠰᠤ
 ᠬᠡᠪᠲᠡᠷᠢ ᠤᠷᠤᠭᠤ ᠪᠠᠨ ᠪᠤᠴᠠᠨ᠎ᠠ 
 ᠬᠡᠪᠢᠭᠳᠡᠳᠡᠭ ᠨᠢ ᠬᠡᠳᠦᠢ ᠭᠠᠰᠢᠭᠤᠨ ᠬᠡᠳᠦᠢ ᠠᠮᠲᠠᠲᠠᠢ ᠭᠡᠳᠡᠭ ᠢ
 ᠬᠡᠨ ᠴᠤ᠌ ᠥᠯᠥ᠍ ᠲᠠᠭᠠᠮᠠᠭᠯᠠᠵᠤ ᠴᠢᠳᠠᠨ᠎ᠠ ᠡ

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

    ᠦᠭᠡ ᠠᠮᠢᠯᠠᠭᠤᠯᠤᠭᠰᠠᠨ ᠨᠢ ᠄ ᠴᠣᠭᠵᠢᠷᠭᠠᠯ
             ᠬᠢᠨᠠᠭᠴᠢ ᠄ ᠴᠤᠯᠮᠤᠨᠲᠤᠶᠠᠬ᠋᠎ᠠ