ᠪᠤᠷᠬᠠᠨ ᠤ᠋ ᠬᠦᠦ-ᠭᠠᠪᠢᠶᠠᠲᠤБурхны хүү-гавьяат
ᠪᠤᠷᠬᠠᠨ ᠤ᠋ ᠬᠦᠦ
ᠭᠠᠪᠢᠶᠠᠲᠤ
ᠭᠡᠷ ᠢ᠋ᠶ᠋ᠡᠨ ᠪᠠᠷᠢᠬᠤ ᠳ᠋ᠤ᠌ ᠲᠣᠭᠣᠨᠣ ᠪᠠᠨ ᠪᠣᠰᠬᠠᠳᠠᠭ ᠠᠪᠤ ᠪᠤᠷᠬᠠᠨ ᠲᠠᠢ
ᠭᠡᠭᠡᠨ ᠭᠠᠯ ᠲᠠᠢ ᠲᠤᠯᠭ᠎ᠠ ᠪᠠᠨ ᠲᠤᠯᠳᠠᠭ ᠡᠵᠢ ᠪᠤᠷᠬᠠᠨ ᠲᠠᠢ
ᠬᠣᠶᠠᠷ ᠪᠤᠷᠬᠠᠨ ᠤ᠋ ᠴᠢᠰᠤᠨ ᠠ᠋ᠴᠠ ᠤᠷᠭᠤᠭᠰᠠᠨ ᠬᠥᠬᠡ ᠦᠨᠳᠦᠰᠦᠨ ᠦ᠌ ᠨᠠᠮᠠᠭ᠎ᠠ
ᠬᠣᠷᠮᠣᠢ ᠡᠩᠭᠡᠷ ᠲᠦ᠍ ᠨᠢ ᠵᠡᠭᠦᠭᠲᠡᠵᠦ ᠥᠰᠦᠭᠰᠡᠨ ᠪᠢ ᠪᠤᠷᠬᠠᠨ ᠤ᠋ ᠬᠦᠦ
ᠠᠳᠤᠭᠤ ᠲᠤᠷᠭᠢᠬᠤ ᠳ᠋ᠤ᠌ ᠬᠡᠶ᠋ᠢᠮᠣᠷᠢ ᠨᠢ ᠪᠣᠰᠳᠠᠭ ᠡᠴᠢᠭᠡ ᠪᠤᠷᠬᠠᠨ ᠲᠠᠢ
ᠠᠪᠳᠠᠷ᠎ᠠ ᠲᠦᠰᠢᠵᠦ ᠦᠷ᠎ᠡ ᠨᠢ ᠠᠯᠬᠤᠬᠤ ᠳ᠋ᠤ᠌ ᠵᠠᠶᠠᠭ᠎ᠠ ᠨᠢ ᠪᠣᠰᠳᠠᠭ ᠡᠬᠡ ᠪᠤᠷᠬᠠᠨ ᠲᠠᠢ
ᠡᠶ᠋ᠢᠮᠦ ᠰᠠᠢᠬᠠᠨ ᠪᠤᠷᠬᠠᠨ ᠲᠠᠢ ᠬᠥᠮᠦᠨ ᠳ᠋ᠦ᠍ ᠯᠡ
ᠡᠳᠦᠷ ᠦ᠋ᠨ ᠬᠡᠰᠢᠭ ᠡᠪᠦᠷ ᠳᠦᠭᠦᠷᠡᠩ ᠱᠠᠭᠢᠳᠠᠭ
ᠮᠠᠯ ᠨᠤᠲᠤᠭ ᠬᠣᠶᠠᠷ ᠢ᠋ᠶ᠋ᠠᠷ ᠢ᠋ᠶ᠋ᠠᠨ ᠪᠠᠬᠠᠷᠬᠠᠭᠰᠠᠨ ᠠᠪᠤ ᠪᠤᠷᠬᠠᠨ ᠲᠠᠢ
ᠮᠠᠨ ᠤ᠋ ᠬᠢ ᠲᠠᠨ ᠤ᠋ ᠬᠢ ᠭᠡᠵᠦ ᠬᠡᠦᠬᠡᠳ ᠢᠯᠭᠠᠳᠠᠭ ᠦᠭᠡᠢ ᠡᠵᠢ ᠪᠤᠷᠬᠠᠨ ᠲᠠᠢ
ᠥᠯᠮᠡᠢ ᠪᠠᠲᠤ ᠢᠷᠦᠭᠡᠯ ᠢ᠋ᠶ᠋ᠡᠨ ᠥᠭᠭᠦᠭᠰᠡᠨ ᠪᠤᠷᠬᠠᠨ ᠤ᠋ ᠠᠯᠠᠭᠠᠨ ᠳᠡᠭᠡᠷ᠎ᠡ
ᠥᠨᠳᠥᠷ ᠰᠦᠮ᠎ᠡ ᠲᠡᠢ ᠬᠦᠦ ᠶ᠋ᠢᠨ ᠬᠢᠨᠢ ᠲᠩᠷᠢ ᠭᠢᠯᠠᠯᠵᠠᠳᠠᠭ
ᠠᠶ᠋ᠢᠷᠠᠭ ᠵᠠᠯᠭᠢᠯᠠᠵᠤ ᠮᠣᠷᠢᠨ ᠤ᠋ ᠰᠡᠭᠦᠯ ᠪᠣᠭᠣᠭᠰᠠᠨ ᠡᠴᠢᠭᠡ ᠪᠤᠷᠬᠠᠨ ᠲᠠᠢ
ᠠᠭᠠᠷᠴᠠ ᠳᠠᠷᠤᠵᠤ ᠬᠣᠷᠮᠣᠢ ᠳ᠋ᠤ᠌ ᠪᠠᠨ ᠪᠥᠲᠦᠴᠢᠭᠰᠡᠨ ᠡᠬᠡ ᠪᠤᠷᠬᠠᠨ ᠲᠠᠢ
ᠠᠯᠠᠭ ᠦᠷ᠎ᠡ ᠪᠡᠨ ᠬᠠᠷᠠᠵᠤ ᠵᠢᠷᠭᠠᠬᠤ ᠬᠣᠶᠠᠷ ᠪᠤᠷᠬᠠᠨ ᠤ᠋ ᠰᠡᠳᠬᠢᠯ ᠳ᠋ᠦ᠍
ᠠᠮᠢᠳᠤᠷᠠᠯ ᠭᠡᠷ ᠬᠣᠶᠠᠷ ᠨᠢ ᠠᠯᠲᠠᠨ ᠳᠡᠭᠡᠪᠦᠷ ᠲᠡᠢ ᠪᠠᠶ᠋ᠢᠲᠠᠭ
ᠬᠣᠶ᠋ᠢᠮᠣᠷ ᠵᠠᠪᠢᠯᠠᠵᠤ ᠴᠢᠳᠥᠷ ᠮᠤᠰᠭᠢᠲᠠᠭ ᠠᠪᠤ ᠪᠤᠷᠬᠠᠨ ᠲᠠᠢ
ᠬᠠᠵᠠᠭᠤ ᠳ᠋ᠤᠨᠢ ᠪᠥᠷᠲᠥᠶ᠋ᠢᠵᠦ ᠪᠣᠶ᠋ᠢᠲᠣᠭ ᠣᠶᠣᠳᠠᠭ ᠡᠵᠢ ᠪᠤᠷᠬᠠᠨ ᠲᠠᠢ
ᠬᠣᠶᠠᠷ ᠪᠤᠷᠬᠠᠨ ᠢ᠋ᠶ᠋ᠠᠷ ᠠᠷᠭᠠᠳᠠᠭᠤᠯᠤᠭᠰᠠᠨ ᠬᠥᠮᠦᠨ ᠳ᠋ᠦ᠍ ᠯᠡ
ᠬᠣᠷᠸ᠋᠎ᠠ ᠶᠠᠭ ᠯᠠ ᠬᠤᠷᠠᠭᠠᠨ ᠵᠤᠪᠴᠠᠭ᠎ᠠ ᠰᠢᠭ᠋ ᠵᠥᠭᠡᠯᠡᠨ ᠰᠠᠨᠠᠭᠳᠠᠳᠠᠭ
ᠬᠠᠶᠠ ᠬᠠᠯᠠᠰᠠᠵᠤ ᠬᠠᠩᠭᠠᠢ ᠳᠣᠷᠭᠢᠲᠠᠯ᠎ᠠ ᠳᠠᠭᠤᠯᠠᠳᠠᠭ ᠬᠠᠷ᠎ᠠ ᠡᠪᠦᠭᠡᠨ
ᠬᠠᠨᠴᠤᠢ ᠳᠣᠷᠣᠭᠣ ᠡᠯᠡᠭᠡᠵᠦ ᠨᠠᠷᠠᠨ ᠰᠠᠷᠠᠨ ᠊ᠢ ᠦᠲᠡᠭᠰᠡᠨ ᠰᠢᠷ᠎ᠠ ᠬᠥᠭᠰᠢᠨ
ᠬᠠᠯᠠᠭᠤᠨ ᠳ᠋ᠤ᠌ ᠬᠠᠯᠠᠵᠤ ᠬᠦᠢᠲᠡᠨ ᠳ᠋ᠦ᠍ ᠬᠦᠷᠦᠵᠦ ᠡᠯᠡᠭᠲᠡᠭᠰᠡᠨ ᠬᠠᠶ᠋ᠢᠷ᠎ᠠ ᠶ᠋ᠢᠨ ᠲᠡᠩᠭᠡᠯᠢᠭ
ᠬᠠᠮᠤᠭ ᠤ᠋ᠨ ᠶᠡᠬᠡ ᠪᠡᠷ ᠰᠢᠲᠦᠬᠦ ᠪᠣᠷᠣ ᠠᠮᠢᠳᠤᠷᠠᠯ ᠤ᠋ᠨ ᠪᠤᠷᠬᠠᠨ ᠮᠢᠨᠢ
ᠳᠡᠪᠡᠯ ᠭᠤᠲᠤᠯ ᠠ᠋ᠴᠠ ᠪᠠᠨ ᠥᠭᠡᠷ᠎ᠡ ᠭᠣᠶᠣᠯ ᠦᠭᠡᠢ ᠠᠪᠤ ᠪᠤᠷᠬᠠᠨ ᠲᠠᠢ
ᠳᠡᠷᠭᠡᠳᠡ ᠪᠡᠨ ᠡᠴᠢᠭᠡ ᠡᠴᠡ ᠲᠦᠰᠢᠭ ᠦᠭᠡᠢ ᠡᠵᠢ ᠪᠤᠷᠬᠠᠨ ᠲᠠᠢ
ᠳᠥᠷᠪᠡᠨ ᠬᠠᠨᠠᠲᠤ ᠶ᠋ᠢ ᠳᠦᠭᠦᠷᠭᠡᠭᠰᠡᠨ ᠬᠣᠶᠠᠷ ᠪᠤᠷᠬᠠᠨ ᠤ᠋ ᠭᠡᠷᠡᠯ ᠳ᠋ᠦ᠍
ᠳᠡᠯᠡᠬᠡᠢ ᠶ᠋ᠢᠨ ᠠᠷᠠᠨᠰᠢᠨ ᠳᠠᠭᠤᠯᠠᠵᠤ ᠨᠢᠭᠡᠨ ᠳ᠋ᠦ᠍ ᠪᠡᠨ ᠵᠢᠷᠭᠠᠳᠠᠭ
ᠭᠡᠷ ᠢ᠋ᠶ᠋ᠡᠨ ᠪᠠᠭᠤᠯᠭᠠᠬᠤ ᠳ᠋ᠤ᠌ ᠬᠠᠨ᠎ᠠ ᠪᠠᠨ ᠬᠤᠷᠢᠶᠠᠳᠠᠭ ᠡᠴᠢᠭᠡ ᠪᠤᠷᠬᠠᠨ ᠲᠠᠢ
ᠭᠡᠳᠡᠰᠦᠨ ᠳᠣᠲᠣᠷ ᠢ᠋ᠶ᠋ᠠᠨ ᠳᠡᠭᠦᠦ ᠶ᠋ᠢ ᠡᠷᠭᠦᠭᠰᠡᠨ ᠡᠬᠡ ᠪᠤᠷᠬᠠᠨ ᠲᠠᠢ
ᠬᠣᠶᠠᠷ ᠪᠤᠷᠬᠠᠨ ᠠ᠋ᠴᠠ ᠠᠮᠢᠰᠬᠤᠯ ᠵᠠᠯᠭᠠᠭᠰᠠᠨ
ᠬᠥᠬᠡ ᠤᠳᠤᠮ ᠤ᠋ᠨ ᠲᠠᠰᠤᠷᠬᠠᠢ
ᠬᠣᠩᠭᠣᠷᠬᠠᠨ ᠠᠯᠠᠭ᠎ᠠ ᠪᠠᠷ ᠢᠯᠪᠢᠭᠦᠯᠵᠦ ᠭᠡᠷᠡᠯᠲᠦᠭᠰᠡᠨ ᠪᠢ ᠪᠤᠷᠬᠠᠨ ᠤ᠋ ᠬᠦᠦ
ᠦᠰᠦᠭ ᠬᠠᠲᠠᠭᠰᠠᠨ ᠨᠢ ᠄ ᠣᠲᠣᠨᠭᠡᠷᠡᠯ
ᠦᠰᠦᠭ ᠠᠮᠢᠯᠠᠭᠤᠯᠤᠭᠰᠠᠨ ᠨᠢ ᠄ ᠣᠲᠣᠨᠭᠡᠷᠡᠯ
ᠬᠢᠨᠠᠭᠴᠢ ᠄ ᠠᠵᠠᠵᠠᠶᠠᠭ᠎ᠠ ᠂ ᠮᠥᠩᠭᠦᠨᠴᠡᠴᠡᠭ᠋
