ᠨᠤᠲᠤᠭ ᠂ ᠬᠤᠲᠤᠭ ᠂ ᠬᠡᠢᠮᠣᠷᠢ- ᠬᠦ · ᠮᠡᠷᠭᠡᠨᠪᠢᠯᠢᠭНутаг , хутаг , хийморь-хөө · мэргэнбилэг
ᠨᠤᠲᠤᠭ ᠂ ᠬᠤᠲᠤᠭ ᠂ ᠬᠡᠢᠮᠣᠷᠢ
ᠬᠠᠶ᠋ᠢᠷ᠎ᠠ ᠰᠠᠬᠢᠶ᠎ᠠ
ᠭᠠᠭᠴᠠᠬᠠᠨ ᠪᠠᠶ᠋ᠢᠲᠠᠭ
ᠬᠠᠨ
ᠬᠤᠷᠮᠤᠰᠲᠠ ᠶ᠋ᠢᠨ ᠬᠣᠶ᠋ᠢᠮᠣᠷ ᠪᠠᠶ᠋ᠢᠲᠠᠭ
ᠣᠷᠣᠰᠢᠵᠤ
ᠰᠠᠭᠤᠬᠤ ᠶ᠋ᠢᠨ ᠮᠢᠨᠢ
ᠳᠡᠯᠡᠬᠡᠢ ᠪᠣᠯᠳᠠᠭ
ᠣᠶᠤᠨ ᠰᠠᠨᠠᠭᠠᠨ ᠤ᠋ ᠮᠢᠨᠢ ᠲᠩᠷᠢ ᠪᠣᠯᠳᠠᠭ
ᠨᠡᠷᠡᠯᠡᠭ ᠬᠣᠷᠸ᠋᠎ᠠ ᠶ᠋ᠢᠨ ᠥᠨᠳᠥᠷ ᠡᠯᠡᠭᠡᠭᠰᠡᠨ
ᠨᠠᠢ᠍ᠮᠠᠨ ᠵᠠᠭᠤᠨ ᠤ᠋ ᠰᠣᠳᠣᠨ ᠨᠡᠭᠦᠳᠡᠯ
ᠠᠭᠲᠠ ᠶ᠋ᠢᠨ ᠲᠤᠭᠤᠷᠠᠢ ᠠ᠋ᠴᠠ ᠣᠴᠢᠯᠠᠵᠤ ᠨᠣᠴᠣᠭᠰᠠᠨ
ᠠᠷᠢᠭᠤᠨ ᠭᠠᠯ ᠲᠠᠢ ᠲᠣᠷᠭᠠᠨ ᠭᠣᠯᠣᠮᠲᠠ
ᠨᠤᠲᠤᠭ ᠮᠢᠨᠢ᠂
ᠬᠤᠲᠤᠭ ᠮᠢᠨᠢ ᠂ ᠡᠰᠡ ᠡᠩᠬᠡ ᠶ᠋ᠢᠨ ᠬᠡᠶ᠋ᠢᠮᠣᠷᠢ ᠮᠢᠨᠢ
ᠡᠷᠲᠡ ᠤᠷᠢᠳᠤ ᠶ᠋ᠢᠨ ᠲᠡᠷᠡ ᠴᠠᠭ ᠠ᠋ᠴᠠ
ᠡᠪᠦᠭᠡ ᠳᠡᠭᠡᠳᠦᠰ ᠦ᠋ᠨ ᠮᠢᠨᠢ ᠤᠳᠤᠮᠰᠢᠵᠤ ᠰᠠᠭᠤᠭᠰᠠᠨ
ᠡᠯᠢᠭᠡᠰᠢᠭ ᠵᠥᠭᠡᠯᠡᠨ ᠰᠢᠷᠣᠢ ᠳᠡᠭᠡᠷ᠎ᠡ ᠨᠢ
ᠡᠭᠡᠯ ᠪᠤᠷᠬᠠᠨ
ᠮᠥᠷ ᠢ᠋ᠶ᠋ᠡᠨ ᠲᠠᠮᠠᠭᠠᠯᠠᠭᠰᠠᠨ
ᠲᠠᠨᠠᠨ ᠴᠠᠭᠠᠨ
ᠵᠤᠰᠠᠯᠠᠩ ᠤ᠋ᠨ ᠭᠡᠷ ᠦ᠋ᠳ
ᠲᠠᠷᠠᠭ ᠠᠶ᠋ᠢᠷᠠᠭ ᠤ᠋ᠨ ᠠᠩᠬᠢᠯᠤᠮᠠᠯ ᠰᠠᠴᠤᠭᠰᠠᠨ
ᠨᠠᠰᠤᠨ ᠵᠠᠶᠠᠭᠠᠨ ᠤ᠋ ᠠᠶᠠᠨ ᠵᠠᠮ ᠊ᠢ ᠮᠢᠨᠢ
ᠨᠠᠪᠴᠢᠨ ᠴᠡᠩᠬᠡᠷ
ᠳᠡᠨᠵᠢᠨ ᠳ᠋ᠡᠭᠡᠨ ᠳᠡᠪᠢᠰᠦᠭᠰᠡᠨ
ᠨᠤᠲᠤᠭ ᠮᠢᠨᠢ ᠂
ᠬᠤᠲᠤᠭ ᠮᠢᠨᠢ ᠂ ᠡᠰᠡ ᠡᠩᠬᠡ ᠶ᠋ᠢᠨ ᠬᠡᠶ᠋ᠢᠮᠣᠷᠢ ᠮᠢᠨᠢ
ᠪᠣᠰᠤᠭ᠎ᠠ ᠪᠡᠶ᠎ᠡ ᠲᠡᠢ ᠡᠭᠡᠰᠢᠭ ᠳᠣᠯᠣᠭ᠎ᠠ ᠪᠠᠷ
ᠡᠷᠳᠡᠨᠢ ᠶ᠋ᠢᠨ ᠲᠣᠪᠴᠢ ᠶ᠋ᠢᠨ ᠨᠢᠭᠤᠴᠠ ᠶ᠋ᠢ ᠦᠷᠦᠭᠰᠡᠨ
ᠰᠦ ᠢᠪᠡᠷᠡᠭᠦᠯᠦᠭᠰᠡᠨ ᠲᠣᠷᠭᠠᠨ ᠬᠡᠯᠡ ᠪᠡᠷ
ᠡᠨᠡ ᠬᠣᠷᠸ᠋᠎ᠠ ᠶ᠋ᠢᠨ ᠤᠶᠠᠩᠭ᠎ᠠ ᠶ᠋ᠢ ᠨᠠᠶ᠋ᠢᠷᠠᠭᠤᠯᠤᠭᠰᠠᠨ
ᠳᠡᠭᠡᠳᠦᠰ ᠦ᠋ᠨ ᠬᠡᠰᠡᠭ ᠲᠡᠢ ᠪᠤᠶᠠᠨ ᠤ᠋ ᠡᠷᠦᠬᠡ ᠶ᠋ᠢ
ᠲᠡᠨᠢᠭᠡᠷ ᠳᠡᠨᠵᠢᠨ ᠳ᠋ᠡᠭᠡᠨ ᠰᠢᠳᠢ ᠲᠡᠢ ᠰᠡᠬᠦᠭᠦᠯᠦᠭᠰᠡᠨ
ᠲᠡᠦᠬᠡ ᠶ᠋ᠢᠨ ᠳᠡᠭᠡᠵᠢ ᠲᠡᠢ ᠰᠢᠨ᠎ᠡ ᠶ᠋ᠢᠨ ᠪᠣᠱᠣᠭ᠎ᠠ ᠶ᠋ᠢ
ᠳᠡᠯᠭᠡᠷ ᠠᠮᠢᠳᠤᠷᠠᠯ ᠢ᠋ᠶ᠋ᠠᠷ ᠬᠤᠷᠤᠶ᠋ᠢᠯᠠᠵᠤ ᠠᠯᠬᠤᠭᠤᠯᠤᠭᠰᠠᠨ
ᠨᠤᠲᠤᠭ ᠮᠢᠨᠢ ᠂
ᠬᠤᠲᠤᠭ ᠮᠢᠨᠢ ᠂ ᠡᠰᠡ ᠡᠩᠬᠡ ᠶ᠋ᠢᠨ ᠬᠡᠶ᠋ᠢᠮᠣᠷᠢ ᠮᠢᠨᠢ
᠁
ᠬᠦ · ᠮᠡᠷᠭᠡᠨᠪᠢᠯᠢᠭ
2000 ᠂8 ᠂8
ᠦᠦᠰᠢᠨᠵᠤᠤ ᠳ᠋ᠤ᠌ ᠃
ᠦᠰᠦᠭ ᠠᠮᠢᠯᠠᠭᠤᠯᠤᠭᠴᠢ ᠄ ᠲᠣᠲᠣᠭᠡᠷᠡᠯ
ᠬᠢᠨᠠᠭᠴᠢ ᠄ ᠣᠳᠬᠠᠨᠰᠸ᠎ᠠ ᠂ ᠱᠠᠭᠰᠠᠯ ᠂ ᠠᠯᠲᠠᠠᠠᠠᠭᠤᠯᠠ
