ᠪᠠᠭᠠᠴᠤᠳ᠎ ᠤᠨ ᠵᠤᠰᠠᠯᠠᠩ ( ᠬᠡᠯᠡ ᠪᠢᠴᠢᠭ – ᠶᠢᠰᠦᠳᠦᠭᠡᠷ ᠳᠡᠪᠲᠡᠷ) Багачуудын зуслан( Хэл бичиг – Есдүгээр дэвтэр) ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠭᠠᠴᠤᠳ᠎ ᠤᠨ ᠵᠤᠰᠠᠯᠠᠩ ( ᠬᠡᠯᠡ ᠪᠢᠴᠢᠭ – ᠶᠢᠰᠦᠳᠦᠭᠡᠷ ᠳᠡᠪᠲᠡᠷ) Багачуудын зуслан( Хэл бичиг – Есдүгээр дэвтэр)

ᠪᠠᠭᠠᠴᠤᠳ᠎ ᠤᠨ ᠵᠤᠰᠠᠯᠠᠩ ( ᠬᠡᠯᠡ ᠪᠢᠴᠢᠭ – ᠶᠢᠰᠦᠳᠦᠭᠡᠷ ᠳᠡᠪᠲᠡᠷ) Багачуудын зуслан( Хэл бичиг – Есдүгээр дэвтэр)

2023-05-05

699


    ᠳᠠᠷᠬᠠᠨ ᠲᠩᠷᠢ ᠶ᠋ᠢᠨ ᠠᠮᠠᠨ ᠳ᠋ᠠᠭᠠᠨ
    ᠳᠠᠯᠠᠨ ᠬᠡᠦᠬᠡᠳ ᠨᠥᠬᠥᠷᠯᠡᠭᠡᠳ
    ᠳᠠᠩᠴᠢ ᠰᠠᠶ᠋ᠢᠬᠠᠨ ᠨᠠᠭᠠᠲᠤᠮ ᠶ᠋ᠢᠠᠷ
    ᠳᠠᠯᠠᠢ ᠶᠡᠬᠡ ᠪᠡᠷ ᠬᠥᠭᠵᠢᠯᠳᠦᠭᠡᠳ
    ᠪᠣᠭᠲᠠ ᠠᠭᠤᠯᠠ ᠶ᠋ᠢᠨ ᠰᠤᠭᠤᠨ ᠳ᠋ᠠᠭᠠᠨ 
    ᠪᠤᠵᠢᠭᠢᠨᠠᠨ ᠲᠡᠪᠬᠡᠴᠡᠵᠤ ᠪᠠᠶᠠᠰᠤᠯᠴᠠᠭᠠᠳ 
    ᠪᠤᠯᠲᠠᠶ᠋ᠢᠵᠤ ᠪᠠᠶ᠋ᠢᠬ᠋᠎ᠠ ᠴᠡᠴᠡᠭ ᠶ᠋ᠢᠡᠷ
    ᠪᠣᠷᠣᠯᠲᠠᠢ ᠪᠡᠶᠡᠰ ᠶ᠋ᠢᠡᠨ ᠦᠯᠢᠭᠡᠷᠯᠡᠭᠡᠳ
              ᠡᠶ᠋ᠢᠮᠦ ᠯᠡ ᠰᠠᠶ᠋ᠢᠬᠠᠨ
              ᠲᠡᠶ᠋ᠢᠮᠦ ᠯᠡ ᠰᠣᠨᠢᠬᠠᠨ᠃
    ᠬᠥᠬᠡ ᠬᠥᠬᠡ ᠮᠠᠶ᠋ᠢᠬᠠᠨ ᠨᠤᠭᠤᠳ   
    ᠬᠥᠪᠴᠢ ᠶ᠋ᠢᠨ ᠮᠣᠲᠣᠨ  ‍ᠳᠤ ᠴᠡᠩᠬᠡᠷᠯᠡᠭᠡᠳ
    ᠬᠥᠮᠦᠵᠢᠬᠦ  ᠪᠢᠲᠡᠨ ᠪ ᠪᠠᠭᠠᠴᠤᠳ ᠦ᠋ᠨ
    ᠬᠥᠭᠵᠢᠬᠦ ᠵᠠᠮ ᠨᠢ ᠳᠡᠯᠭᠡᠷᠡᠭᠡᠳ
    ᠬᠥᠬᠥᠭᠡ ᠣᠯᠠᠨ ᠰᠢᠪᠠᠤᠬᠠᠢ
    ᠡᠨᠲᠡ ᠲᠡᠨᠲᠡ ᠳᠣᠩᠭᠣᠳᠤᠭᠠᠳ
    ᠬᠡᠦᠬᠡᠳ ᠪᠠᠭᠠᠴᠤᠳ ᠪᠢᠲᠡᠨ ᠪ
    ᠬᠥᠭᠵᠢᠮᠴᠢᠨ ᠳᠠᠭᠤᠴᠢᠨ ᠪᠣᠯᠤᠭᠠᠳ
               ᠡᠶ᠋ᠢᠮᠦ ᠯᠠ ᠰᠠᠶ᠋ᠢᠬᠠᠨ
               ᠲᠡᠶ᠋ᠢᠮᠦ ᠯᠡ ᠰᠣᠨᠢᠬᠠᠨ᠃
    ᠳᠡᠭᠡᠷ᠎ᠡ ᠨᠢ ᠬᠥᠬᠡ ᠲᠩᠷᠢ ᠮᠡᠯᠴᠡᠶ᠋ᠢᠭᠡᠳ
    ᠳᠡᠷᠭᠡᠳᠡ ᠨᠢ ᠣᠯᠠᠨ ᠨᠥᠬᠥᠳ  ᠬᠥᠭᠵᠢᠯᠳᠦᠭᠡᠳ
    ᠬᠠᠵᠠᠭᠤ ᠳ᠋ᠤᠨᠢ  ᠬᠠᠶ᠋ᠢᠷᠬᠠᠨ ᠣᠢ  ᠰᠦᠭᠯᠡᠢᠭᠡᠳ
    ᠠᠷᠤ ᠳ᠋ᠤᠨᠢ ᠷᠠᠰᠢᠶᠠᠨ ᠪᠤᠯᠠᠭ ᠰᠦᠷᠴᠢᠭᠢᠨᠡᠭᠡᠳ
    ᠡᠭᠦᠪᠡᠷ ᠲᠡᠭᠦᠪᠡᠷ ᠡᠨᠡ ᠲᠡᠷᠡ ᠭᠦᠶᠦᠯᠲᠦᠭᠡᠳ
    ᠡᠲᠡᠨ ᠪ ᠳᠣᠮᠲᠠ ᠪᠢ  ᠴᠤ᠌ ᠣᠷᠣᠯᠴᠠᠭᠠᠳ
    ᠶᠠᠪᠤᠪᠠᠯ ᠪᠠᠰᠠ ᠶᠠᠮᠠᠷ ᠰᠠᠶ᠋ᠢᠬᠠᠨ ᠪᠠᠶᠠᠷᠲᠠᠢ
    ᠵᠣᠭᠰᠣᠪᠠᠯ ᠪᠠᠰᠠ ᠵᠣᠯ ᠰᠠᠶ᠋ᠢᠬᠠᠨ ᠪᠠᠶᠠᠷᠲᠠᠢ
              ᠡᠶ᠋ᠢᠮᠦ ᠯᠡ ᠰᠠᠶ᠋ᠢᠬᠠᠨ 
              ᠲᠡᠶ᠋ᠢᠮᠦ ᠯᠡ ᠰᠣᠨᠢᠬᠠᠨ ᠃
     ᠪᠣᠷᠣᠭᠠᠨ ᠪ ᠳᠤᠰᠤᠯ ᠰᠢᠪᠠᠷ ᠰᠢᠪᠠᠷ ᠣᠷᠣᠭᠠᠳ
     ᠪᠤᠯᠠᠭ ᠦ᠋ᠨ ᠤᠰᠤ ᠫᠣᠷ ᠫᠣᠷ ᠤᠨᠲᠤᠷᠤᠭᠠᠳ
     ᠬᠣᠶ᠋ᠢᠲᠤ ᠤᠷᠤᠭᠤ ᠬᠤᠷ ᠬᠤᠷ ᠬᠣᠷᠴᠢᠭᠢᠨᠠᠭᠠᠳ
     ᠬᠣᠣᠰ ᠰᠠᠯᠠᠬ᠋᠎ᠠ ᠤᠰᠤᠨ ᠮᠥᠴᠢᠷ ᠪᠣᠯᠤᠭᠠᠳ
     ᠪᠤᠯᠲᠤ ᠬᠡᠦᠬᠡᠳ ᠭᠣᠳ ᠱᠣᠳ ᠭᠦᠶᠦᠯᠲᠦᠭᠡᠳ
     ᠪᠤᠯᠴᠢᠩ ᠮᠢᠬ᠎ᠠ  ᠡᠷᠴᠢᠯᠡᠨ ᠮᠤᠰᠬᠢᠷᠠᠨ ᠴᠢᠩᠭᠠᠷᠠᠭᠠᠳ
     ᠣᠯᠠᠨ ᠬᠡᠦᠬᠡᠳ ᠢᠷᠠᠰ ᠢᠷᠠᠰ ᠵᠢᠬᠰᠠᠭᠠᠳ
     ᠤᠯᠠᠭᠠᠨ ᠪᠦᠴᠡ  ᠡᠷᠪᠡᠰ ᠳᠡᠷᠪᠡᠰ ᠬᠡᠶ᠋ᠢᠰᠦᠭᠡᠳ
               ᠡᠶ᠋ᠢᠮᠦ ᠯᠡ ᠰᠠᠶ᠋ᠢᠬᠠᠨ
               ᠲᠡᠶ᠋ᠢᠮᠦ ᠯᠡ ᠰᠣᠨᠢᠬᠠᠨ᠃
      ᠪᠣᠯᠵᠣᠮᠣᠷ ᠰᠢᠪᠠᠭᠤ ᠭᠠᠩᠭᠠᠷ ᠭᠤᠩᠭᠠᠷ ᠵᠢᠷᠭᠢᠭᠡᠳ
      ᠪᠤᠲᠠ ᠶ᠋ᠢᠨ ᠨᠣᠭᠣᠬ᠋᠎ᠠ  ᠠᠷᠵᠠᠶ᠋ᠢᠨ ᠪᠤᠷᠵᠠᠶ᠋ᠢᠨ ᠤᠷᠭᠤᠭᠠᠳ
      ᠬᠤᠭᠤᠷ  ᠬᠥᠭᠵᠢᠮ ᠬᠠᠩᠭᠢᠷ ᠵᠢᠩᠭᠢᠷ ᠰᠣᠨᠣᠰᠲᠠᠭᠠᠳ 
      ᠬᠤᠱᠶ ※(1) ᠶ᠋ᠢᠨ ᠮᠥᠴᠢᠷ ᠨᠠᠯᠪᠠᠰ ᠲᠡᠯᠪᠡᠰ ᠭᠠᠩᠬᠤᠭᠠᠳ
      ᠬᠦᠰᠡᠯ ᠵᠣᠷᠢᠬ ᠳᠠᠪᠰᠢᠨ ᠲᠠᠪᠰᠢᠨ ᠣᠷᠭᠢᠯᠤᠭᠠᠳ
      ᠬᠡᠦᠬᠡᠳ ᠪᠠᠭᠠᠴᠤᠳ ᠢᠨᠢᠶᠡᠲᠦᠰ  ᠨᠠᠭᠠᠲᠤᠰ ᠪᠣᠯᠤᠯᠴᠠᠭᠠᠳ 
      ᠰᠠᠮᠤᠷ ᠵᠢᠮᠢᠰ ᠰᠠᠭᠰᠠᠶ᠋ᠢᠨ ᠪᠠᠭᠰᠠᠶ᠋ᠢᠨ ᠤᠷᠭᠤᠭᠠᠳ
      ᠰᠠᠶ᠋ᠢᠬᠠᠨ ᠪᠦᠭᠦᠲᠡᠭᠡᠷ ᠨᠥᠬᠦᠷᠯᠨᠨ ᠵᠢᠷᠤᠮᠯᠠᠨ ᠢᠵᠢᠯᠢᠲᠦᠭᠡᠳ
                 ᠡᠶ᠋ᠢᠮᠦ ᠯᠡ ᠰᠠᠶ᠋ᠢᠬᠠᠨ
                 ᠲᠡᠶ᠋ᠢᠮᠦ  ᠯᠡ ᠰᠣᠨᠢᠬᠠᠨ᠃
      ᠨᠠᠷᠠᠨ ᠰᠠᠷᠠᠨ ᠡᠷᠭᠢᠨ ᠡᠷᠭᠢᠨ ᠳᠣᠭᠤᠷᠢᠭᠠᠳ
      ᠨᠠᠪᠴᠢ ᠴᠡᠴᠡᠭ ᠨᠠᠶ᠋ᠢᠭᠤᠨ ᠨᠠᠶ᠋ᠢᠭᠤᠨ ᠭᠠᠩᠬᠤᠭᠠᠳ
      ᠨᠠᠰᠤᠨ ᠪ ᠪᠠᠯᠴᠢᠷ ᠲᠦ ᠪᠠᠭᠠᠴᠤᠳ ᠦ᠋ᠨ ᠭᠡᠰᠢᠭᠦᠨ ᠪᠣᠯᠤᠭᠠᠳ
      ᠨᠠᠭᠠᠲᠤᠨ ᠬᠥᠭᠵᠢᠵᠦ ᠡᠶᠡᠯᠡᠨ ᠡᠶᠡᠯᠡᠨ ᠡᠪᠯᠡᠯᠲᠦᠭᠡᠳ
      ᠨᠠᠶ᠋ᠢᠷᠠᠮᠲᠠᠯ ᠵᠢᠷᠤᠮ ᠊ᠢ ᠲᠠᠨᠢᠨ ᠮᠡᠲᠡᠨ ᠳᠠᠭᠠᠵᠠᠭᠠᠭᠠᠳ
      ᠨᠠᠮ ᠡᠪᠯᠡᠯ ᠦ᠋ᠨ ᠬᠣᠶ᠋ᠢᠨ᠎ᠠ ᠠ᠋ᠴᠠ ᠡᠯᠰᠡᠨ ᠵᠠᠯᠭᠠᠮᠵᠢᠯᠠᠭᠠᠳ
      ᠨᠠᠭᠠᠲᠤ ᠲᠠᠯ᠎ᠠ ᠳ᠋ᠤᠨᠢ ᠮᠣᠩᠭᠣᠯ ᠣᠯᠠᠨ ᠶ᠋ᠢᠠᠨ ᠪᠣᠲᠣᠭᠠᠳ
      ᠴᠢᠨᠠᠲᠤ ᠲᠠᠯ᠎ᠠ ᠳ᠋ᠤᠨᠢ ᠴᠠᠭ ᠦ᠋ᠨ ᠬᠤᠪᠢᠰᠬᠠᠯ ᠊ᠢ ᠰᠠᠨᠠᠭᠠᠳ
                   ᠡᠶ᠋ᠢᠮᠦ ᠯᠡ ᠰᠠᠶ᠋ᠢᠬᠠᠨ
                   ᠲᠡᠶ᠋ᠢᠮᠦ ᠯᠡ  ᠰᠣᠨᠢᠬᠠᠨ᠃

 ᠵᠡᠭᠦᠯᠲᠡ ※(1) ᠬᠤᠱᠶ —ᠨᠢᠭᠡ ᠵᠣᠶ᠋ᠢᠯ ᠦ᠋ᠨ ᠨᠠᠷᠠᠰᠤᠨ ᠮᠣᠲᠣ᠂ ᠰᠠᠮᠤᠷ ᠰᠠᠭᠤᠨ᠎ᠠ᠃

ᠢᠷᠡᠯᠲᠡ ᠄  
      ᠲᠠᠪᠤᠨ ᠵᠢᠯ ᠦᠨ ᠲᠦᠷᠢᠮᠳᠦ ᠪᠠᠭ᠎ᠠ ᠰᠤᠷᠭᠠᠭᠤᠯᠢ ᠳᠤ ᠦᠵᠡᠬᠦ 
          ᠬᠡᠯᠡ ᠪᠢᠴᠢᠭ    ᠶᠢᠰᠦᠳᠦᠭᠡᠷ ᠲᠡᠪᠳᠡᠷ  ※ 
              ᠦᠪᠦᠷ ᠮᠤᠩᠭᠤᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠤᠷᠢᠶ᠎ᠠ ᠨᠠᠢᠢᠷᠠᠭᠤᠯᠤᠨ ᠬᠡᠪᠯᠡᠭᠦᠯᠪᠡ
              ᠦᠪᠦᠷ ᠮᠤᠩᠭᠤᠯ ᠤᠨ ᠰᠢᠨᠬᠤᠸᠠ ᠨᠤᠮ ᠤᠨ ᠲᠡᠯᠭᠡᠭᠦᠷ ᠲᠠᠷᠬᠠᠭᠠᠪᠠ
              ᠦᠪᠦᠷ ᠮᠤᠩᠭᠤᠯ ᠤᠨ ᠮᠤᠩᠭᠤᠯ ᠪᠢᠴᠢᠭ ᠬᠡᠪᠯᠠᠬᠦ ᠦᠢᠯᠡᠳᠪᠦᠷᠢ ᠬᠡᠪᠯᠡᠪᠡ 
             1981 ᠤᠨ ᠤ 5 ᠰᠠᠷ᠎ᠠ ᠳᠤ ᠬᠤᠶᠠᠳᠤᠭᠠᠷ ᠬᠡᠪ ᠢ ᠬᠢᠪᠡ 
             1984 ᠤᠨ ᠤ 4 ᠰᠠᠷ᠎ᠠ ᠳᠤ ᠲᠦᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
        
       ᠦᠰᠦᠭ᠋ ᠠᠮᠢᠯᠠᠭᠤᠯᠤᠭᠴᠢ ᠄  ᠦᠵᠢᠶᠡᠳ ·  ᠡᠷᠳᠡᠨᠢᠴᠡᠴᠡᠭ
               ᠬᠢᠨᠠᠭᠴᠢ ᠄  ᠣᠤᠠᠬᠠᠨᠰᠣ᠎ᠠ ᠂ ᠲᠣ᠋ · ᠨᠠᠨᠲᠢᠨ
                                              2023.3.13