ᠵᠠᠩᠭᠠᠷ ᠤ᠋ᠨ ᠣᠷᠣᠰᠢᠯ ᠪᠦᠯᠦᠭ ᠦ᠋ᠨ ᠨᠠᠢ᠍ᠮᠠᠳᠤᠭᠠᠷ ᠬᠡᠰᠡᠭᠯᠡᠯ- ᠬᠦᠨᠳᠦ ᠭᠠᠷ ᠲᠠᠢ ᠰᠠᠪᠠᠷ ᠪᠠᠭᠠᠲᠤᠷЖангарын оршил бөлгийн наймдугаар хэсэглэл-хүнд гартай савар баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠣᠷᠣᠰᠢᠯ ᠪᠦᠯᠦᠭ ᠦ᠋ᠨ ᠨᠠᠢ᠍ᠮᠠᠳᠤᠭᠠᠷ ᠬᠡᠰᠡᠭᠯᠡᠯ- ᠬᠦᠨᠳᠦ ᠭᠠᠷ ᠲᠠᠢ ᠰᠠᠪᠠᠷ ᠪᠠᠭᠠᠲᠤᠷЖангарын оршил бөлгийн наймдугаар хэсэглэл-хүнд гартай савар баатар

ᠵᠠᠩᠭᠠᠷ ᠤ᠋ᠨ ᠣᠷᠣᠰᠢᠯ ᠪᠦᠯᠦᠭ ᠦ᠋ᠨ ᠨᠠᠢ᠍ᠮᠠᠳᠤᠭᠠᠷ ᠬᠡᠰᠡᠭᠯᠡᠯ- ᠬᠦᠨᠳᠦ ᠭᠠᠷ ᠲᠠᠢ ᠰᠠᠪᠠᠷ ᠪᠠᠭᠠᠲᠤᠷЖангарын оршил бөлгийн наймдугаар хэсэглэл-хүнд гартай савар баатар

ᠠᠩᠭᠢᠯᠠᠯ:ᠲᠤᠤᠯᠢᠰ
2023-05-05

726

ᠬᠦᠨᠳᠦ ᠭᠠᠷ ᠲᠠᠢ ᠰᠠᠪᠠᠷ ᠪᠠᠭᠠᠲᠤᠷ

ᠠᠯᠳᠠᠷ ᠨᠣᠶᠠᠨ ᠪᠣᠭᠳᠠ ᠵᠠᠩᠭᠠᠷ ᠤ᠋ᠨ

ᠠᠷᠪᠠᠨ ᠬᠣᠶᠠᠷ ᠪᠠᠭᠠᠲᠤᠷ ᠤ᠋ᠨ ᠨᠢᠭᠡ᠂
ᠬᠥᠮᠦᠨ ᠦ᠌ ᠨᠠᠴᠢᠨ ᠱᠣᠩᠬᠣᠷ᠂
ᠬᠦᠨᠳᠦ ᠭᠠᠷ ᠲᠠᠢ ᠰᠠᠪᠠᠷ ᠢ᠋ ᠬᠡᠯᠡᠭᠡᠳ ᠦᠵᠡᠳᠡᠭ ᠪᠣᠯᠬᠤᠯ᠎ᠠ᠂
ᠨᠠᠶᠠᠨ ᠨᠢᠭᠡᠨ ᠠᠯᠲᠠ ᠡᠰᠢ ᠲᠡᠢ ᠠᠢ ᠰᠢᠷ᠎ᠠ ᠪᠠᠯᠲᠤ ᠪᠠᠨ
ᠡᠭᠡᠮ ᠡᠴᠡ ᠪᠡᠨ ᠬᠣᠢᠭᠤᠯᠳᠠᠭ ᠶᠣᠰᠣᠨ ᠦᠭᠡᠢ ᠭᠡᠨ᠎ᠡ ᠯᠡ
ᠠᠷᠰᠠᠯᠠᠨ ᠶᠠᠮᠠᠷ ᠴᠢᠨᠡᠭᠡᠨ ᠴᠢᠭᠢᠷᠠᠭ ᠪᠣᠯᠪᠠᠴᠤ᠂
ᠨᠢᠭᠡ ᠴᠣᠬᠢᠵᠤ ᠥᠩᠭᠡᠷᠡᠭᠦᠯᠳᠡᠭ ᠶᠣᠰᠣᠨ ᠦᠭᠡᠢ ᠭᠡᠨ᠎ᠡ ᠯᠡ
ᠬᠤᠮᠢᠵᠤ ᠴᠣᠬᠢᠭᠰᠠᠨ ᠭᠠᠵᠠᠷ ᠨᠢ᠂
ᠬᠣᠷᠢᠨ ᠲᠠᠪᠤᠨ ᠵᠢᠯ ᠳ᠋ᠡᠬᠡᠨ ᠪᠦᠲᠦᠳᠡᠭ ᠦᠭᠡᠢ ᠭᠡᠨ᠎ᠡ ᠯᠡ
ᠳᠡᠪᠢᠵᠦ ᠴᠣᠬᠢᠭᠰᠠᠨ ᠭᠠᠵᠠᠷ ᠨᠢ᠂
ᠲᠠᠪᠢᠨ ᠲᠠᠪᠤᠨ ᠵᠢᠯ ᠳ᠋ᠡᠬᠡᠨ ᠪᠦᠲᠦᠳᠡᠭ ᠦᠭᠡᠢ ᠭᠡᠨ᠎ᠡ ᠯᠡ
ᠵᠠᠩᠨᠠᠭᠠᠳ ᠪᠣᠰᠤᠭᠠᠳ ᠣᠲᠣᠬᠤᠯ᠎ᠠ ᠭᠡᠨ᠎ᠡ ᠯᠡ
ᠽᠠᠮᠪᠤᠲᠢᠪ ᠤ᠋ᠨ ᠣᠷᠣᠨ ᠲᠥᠷᠭᠢᠰᠥᠭᠡᠳ ᠣᠳᠳᠠᠭ ᠭᠡᠨ᠎ᠡ ᠯᠡ
ᠳᠠᠢᠯᠳᠤᠭᠠᠳ ᠪᠣᠰᠤᠭᠠᠳ ᠤᠳᠤᠬᠤᠯ᠎ᠠ ᠭᠡᠨ᠎ᠡ ᠯᠡ
ᠳᠠᠯᠠᠨ ᠲᠦᠮᠡᠨ ᠨᠤᠲᠤᠭ ᠨᠢᠷᠤᠭᠤᠨ ᠲᠠᠢᠪᠠᠯᠵᠠᠭᠠᠳ ᠣᠳᠳᠠᠭ ᠭᠡᠨ᠎ᠡ ᠯᠡ
ᠪᠠᠭᠠᠲᠤᠷ ᠪᠤᠮᠪᠠ ᠶ᠋ᠢᠨ ᠣᠷᠣᠨ ᠳ᠋ᠠᠭᠠᠨ
ᠪᠠᠯᠲᠤ ᠪᠠᠷ ᠢ᠋ᠶ᠋ᠠᠨ ᠨᠡᠷ᠎ᠡ ᠲᠤᠭᠤᠷᠠᠭᠰᠠᠨ᠂
ᠬᠦᠢᠲᠡᠨ ᠴᠢᠯᠠᠭᠤᠨ ᠵᠢᠷᠦᠬᠡ ᠲᠡᠢ
ᠬᠥᠮᠦᠨ ᠦ᠌ ᠨᠠᠴᠢᠨ ᠱᠣᠩᠬᠣᠷ ᠬᠦᠨᠳᠦ ᠭᠠᠷ ᠲᠠᠢ ᠰᠠᠪᠠᠷ ᠭᠡᠵᠦ ᠬᠡᠯᠡᠳᠡᠭ ᠰᠠᠨᠵᠠᠢ ᠭᠡᠨ᠎ᠡ ᠯᠡ
ᠦᠭᠡᠰ ᠦ᠋ᠨ ᠲᠠᠢᠯᠪᠤᠷᠢ᠄
ᠠᠢ ᠰᠢᠷ᠎ᠠ ᠪᠠᠯᠲᠤ᠁

ᠬᠦᠨᠳᠦ ᠭᠠᠷ ᠲᠠᠢ ᠰᠠᠪᠠᠷ ᠤᠨ ᠲᠠᠢᠯᠤᠮᠵᠢ