ᠢᠷᠡᠬᠦ ᠵᠠᠭᠤᠨ ᠤ ᠬᠣᠩᠬᠣᠨ ᠳᠠᠭᠤᠨ - ᠲ ᠂ ᠭᠣᠮᠪᠣᠵᠠᠪ Ирэх зууны хонхон дуун - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠡᠬᠦ ᠵᠠᠭᠤᠨ ᠤ ᠬᠣᠩᠬᠣᠨ ᠳᠠᠭᠤᠨ - ᠲ ᠂ ᠭᠣᠮᠪᠣᠵᠠᠪ Ирэх зууны хонхон дуун - Т ᠂ Гомбожав

ᠢᠷᠡᠬᠦ ᠵᠠᠭᠤᠨ ᠤ ᠬᠣᠩᠬᠣᠨ ᠳᠠᠭᠤᠨ - ᠲ ᠂ ᠭᠣᠮᠪᠣᠵᠠᠪ Ирэх зууны хонхон дуун - Т ᠂ Гомбожав

2023-05-05

241

ᠢᠷᠡᠬᠦ ᠵᠠᠭᠤᠨ  ᠤ ᠬᠣᠩᠬᠣᠨ ᠳᠠᠭᠤᠨ


                  ᠲ ᠂  ᠭᠣᠮᠪᠣᠵᠠᠪ  

       ᠮᠠᠷᠭᠠᠰᠢ

ᠴᠢᠮ᠎ᠠ ᠳ᠋ᠤ᠌ ᠪᠢ ᠲᠣᠩ ᠣᠯᠠᠨ ᠵᠠᠬᠢᠳᠠᠯ ᠪᠢᠴᠢᠯ᠎ᠡ ᠂ ᠭᠡᠪᠡᠴᠦ  
ᠬᠠᠶᠢᠭ ‍ᠢ ᠴᠢᠨᠢ ᠮᠡᠳᠡᠬᠦ ᠥᠬᠡᠢ ᠤᠴᠢᠷ 
ᠬᠠᠲᠠᠪᠴᠢᠨ ᠠ᠋ᠴᠠ ᠪᠠᠨ ᠴᠠᠰᠢ ᠨᠢᠭᠡ ᠶ᠋ᠢ ᠴᠦ᠍ ᠭᠤᠪᠢᠭᠤᠯᠵᠤ ᠴᠢᠳᠠᠭ᠎ᠠ ᠥᠬᠡᠢ 

ᠴᠢᠮ᠎ᠠ ᠳ᠋ᠤ᠌ ᠪᠢ ᠤᠯᠠᠨ ᠤᠳᠠᠭ᠎ᠠ ᠳ᠋ᠢᠶᠠᠩᠬᠤᠸᠠ ᠠᠪᠤᠯ᠎ᠠ ᠂ ᠭᠡᠪᠡᠴᠦ 
ᠨᠣᠮᠧᠷ ᠲᠣᠭ᠎ᠠ ᠶ᠋ᠢ ᠴᠢᠨᠢ ᠮᠡᠳᠡᠬᠦ ᠥᠬᠡᠢ ᠤᠴᠢᠷ
ᠨᠢᠭᠡᠬᠡᠨ ᠤᠳᠠᠭ᠎ᠠ ᠴᠤ᠌ ᠨᠡᠭᠡᠭᠡᠯᠲᠡᠲᠡᠢ ᠰᠣᠨᠣᠷ ᠲᠣᠭᠰᠢᠵᠤ ᠴᠢᠳᠠᠭ᠎ᠠ ᠥᠬᠡᠢ 

ᠪᠢ
ᠬᠤᠶᠠᠷ ᠭᠠᠷ ‍ᠢᠶ᠋ᠠᠨ ᠴᠢᠮ᠎ᠠ ᠵᠦᠭ
ᠬᠣᠯᠠ ᠶ᠋ᠢᠨ ᠬᠣᠯᠠ ᠠ᠋ᠴᠠ ᠰᠤᠩᠭᠠᠯ᠎ᠠ 

ᠵᠢᠰᠦ ᠶ᠋ᠢ ᠴᠢᠨᠢ ᠦᠵᠡᠭᠡ ᠥᠬᠡᠢ ᠂ ᠭᠡᠪᠡᠴᠦ
ᠴᠢᠮ᠎ᠠ ᠪᠠᠨ ᠪᠢ ᠲᠠᠨᠢᠨ᠎ᠠ ᠡ ! 

       ᠥᠷᠲᠡᠭᠡ 

ᠡᠨᠡ ᠤᠷᠤ ᠥᠷᠲᠡᠭᠡ ᠪᠢᠰᠢ ᠪᠢᠯᠡ 

ᠬᠣᠶᠠᠷ ᠦᠵᠦᠭᠦᠷ ᠨᠢ ᠬᠠᠷᠠᠭᠳᠠᠬᠤ ᠥᠬᠡᠢ
ᠬᠤᠤᠰ ᠴᠠᠭᠠᠨ ᠱᠤᠭᠤᠮ ᠵᠤᠷᠠᠶ᠋ᠢᠵᠤ
ᠬᠣᠯᠪᠣᠯᠴᠠᠭᠰᠠᠨ ᠨᠤᠭᠤᠭᠠᠨ ᠬᠠᠶ᠋ᠢᠷᠴᠠᠭ
ᠬᠣᠯᠠ ᠠ᠋ᠴᠠ ᠢᠷᠡᠵᠦ ᠬᠣᠯᠠ ᠲᠡᠰᠢ ᠣᠳᠤᠨ᠎ᠠ 

ᠪᠢ
ᠲᠡᠷᠭᠡ ᠡᠰᠡ ᠵᠣᠭᠰᠣᠬᠤ ᠡᠨᠡ ᠴᠡᠭ ᠳᠡᠭᠡᠷ᠎ᠡ
ᠲᠡᠷᠭᠡ ᠲᠣᠰᠴᠤ
ᠲᠡᠷᠡ ᠭᠡᠵᠦ ᠲᠠᠨᠢᠵᠤ ᠴᠢᠳᠠᠮ᠎ᠠ ᠦᠭᠡᠢ
ᠲᠣᠩ ᠣᠯᠠᠨ ᠵᠣᠴᠢᠳ ‍ᠤᠨ ‍ᠢᠶ᠋ᠠᠨ ᠠᠶ᠋ᠢᠰᠤᠢ ᠴᠢᠮᠡᠭᠡ ᠶ᠋ᠢ ᠴᠢᠩᠨᠠᠨ᠎ᠠ
ᠡᠨᠡ ᠤᠷᠤ
ᠡᠩᠬᠡ ᠶ᠋ᠢᠨ ᠲᠣᠮᠣ ᠥᠷᠲᠡᠭᠡ ᠶᠤᠮ ᠪᠢᠯᠡ 

      ᠥᠨᠥᠴᠢᠷᠡᠯ 

ᠬᠠᠪᠢ ᠶ᠋ᠢᠨ ᠠᠯᠢᠪᠠ ᠬᠣᠯᠠᠳᠴᠤ
ᠬᠢᠵᠠᠭᠠᠷ ᠦᠭᠡᠢ ᠰᠠᠶ᠋ᠢᠬᠠᠨ ᠴᠠᠭᠠᠨ ᠡᠯᠡᠰᠦᠨ  ᠳᠡᠭᠡᠷ᠎ᠡ
ᠬᠠᠶ᠋ᠢᠷ᠎ᠠ ᠪᠣᠳᠣᠯ ᠮᠢᠨᠢ ᠡᠯᠢᠭᠡᠳᠡᠨ᠎ᠡ 

ᠡᠥᠴᠥᠭᠡᠳᠦᠷ ‍ᠦᠨ ᠢᠷᠠᠭᠤᠬᠠᠨ ᠵᠡᠭᠦᠳᠦ ᠦᠳᠡᠭᠡᠷᠢ ᠠᠪᠴᠠᠢ
ᠥᠷᠥᠭᠡᠯ ᠤᠷᠤᠭᠤ ᠨᠢᠭᠡᠬᠡᠨ ᠰᠤᠮᠤ ᠂ ᠪᠢ ᠬᠠᠷᠪᠤᠭ᠎ᠠ ᠦᠭᠡᠢ
ᠦᠷᠭᠦᠭᠰᠡᠨ ᠡᠨᠳᠡᠭᠦᠷᠡᠯ ‍ᠦᠨ ᠲᠦᠮᠡᠨ ᠵᠠᠪᠠ
ᠨᠠᠮᠠᠶ᠋ᠢ ᠬᠦᠨᠳᠦ ᠰᠢᠷᠬᠠᠲᠤᠭᠤᠯᠤᠯ᠎ᠠ ᠁ 

ᠮᠡᠳᠡᠬᠦ ᠥᠬᠡᠢ ᠶᠠᠭᠤᠮ᠎ᠠ ᠲᠣᠩ ᠣᠯᠠᠨ
ᠮᠡᠳᠡᠬᠦ ᠠ᠋ᠴᠠ ᠭᠠᠭᠴᠠ
ᠮᠥᠩᠭᠥᠨ ᠴᠠᠭᠠᠨ ᠡᠯᠡᠰᠦᠨ ᠳᠡᠭᠡᠷ᠎ᠡ
ᠮᠥᠷ ᠮᠢᠨᠢ ᠢᠨᠢᠶᠡᠵᠦ ᠪᠠᠶ᠋ᠢᠨ᠎ᠠ 

ᠬᠣᠯᠠ ᠳᠡᠭᠡᠭᠦᠷ
ᠬᠣᠶᠠᠷ ᠬᠡᠰᠡᠭ ᠴᠠᠭᠠᠨ ᠡᠭᠦᠯᠡ ᠭᠠᠩᠭᠠᠨᠠᠭᠰᠠᠭᠠᠷ ᠥᠩᠭᠡᠷᠡᠨ᠎ᠡ
ᠰᠡᠭᠦᠳᠡᠷ ᠨᠢ ᠮᠢᠨᠤ ᠳᠡᠭᠡᠷ᠎ᠡ ᠲᠤᠰᠬᠤ ᠦᠭᠡᠢ ᠡ 

ᠬᠠᠯᠠᠭᠤᠴᠠᠯ ᠂ ᠵᠢᠬᠡᠭᠦᠴᠡᠯ ᠁
ᠬᠠᠭᠰᠠᠷᠠᠯ ᠂ ᠭᠠᠩᠰᠠᠷᠠᠯ ᠁
ᠬᠠᠪᠢ ᠳ᠋ᠤ᠌ ᠮᠢᠨᠢ ᠤᠷᠭᠤᠳᠠᠭ ᠦᠭᠡᠢ ᠂ ᠬᠠᠷᠢᠨ
ᠬᠢᠵᠠᠭᠠᠷ ᠦᠭᠡᠢ ᠬᠣᠯᠠ ᠶ᠋ᠢᠨ ᠮᠥᠷᠲᠡᠭᠡᠨ
ᠬᠢᠵᠠᠭᠠᠷ ᠦᠭᠡᠢ ᠣᠶ᠋ᠢᠷ᠎ᠠ ᠶ᠋ᠢᠨ
ᠬᠠᠪᠢᠷᠭᠠᠯᠠᠬᠤ ᠰᠠᠷᠠ ᠪᠠ ᠲᠡᠷᠭᠡᠯᠯᠡᠬᠦ ᠰᠠᠷᠠ ᠯᠠ
ᠬᠠᠨᠴᠤᠢ ᠳ᠋ᠤ᠌ ᠮᠢᠨᠢ ᠡᠭᠦᠷᠯᠡᠨ᠎ᠡ ᠪᠢᠯᠡ 

       ᠴᠠᠭᠠᠪᠤᠷᠯᠠᠯ 

ᠪᠢ ᠥᠷᠯᠥᠭᠡ ᠪᠣᠯᠭᠠᠨ  ᠥᠯᠥᠰᠬᠦᠯᠡᠩ ᠰᠡᠷᠢᠳᠡᠭ ᠪᠢᠯᠡ
ᠨᠠᠳᠠᠳᠤ ᠂ ᠨᠠᠷᠠ ᠪᠠ ᠬᠣᠭᠣᠯᠠᠨ ᠭᠡᠷ ᠠᠳᠠᠯᠢᠬᠠᠨ ᠬᠣᠯᠠ ᠰᠠᠨᠠᠭᠳᠠᠨ᠎ᠠ 

ᠬᠣᠯᠠ ᠠᠶᠠᠯᠠᠶ᠎ᠠ ᠭᠡᠵᠦ ᠬᠠᠴᠢᠨ ᠶᠡᠬᠡ ᠬᠦᠰᠡᠨ᠎ᠡ᠂ ᠭᠡᠪᠡᠴᠦ
ᠬᠣᠯᠠ ᠤᠳᠬᠤ ᠵᠠᠮ
ᠬᠠᠮᠢᠭ᠎ᠠ ᠪᠠᠶ᠋ᠢᠬᠤ ᠶ᠋ᠢ ᠮᠡᠳᠡᠬᠦ ᠥᠬᠡᠢ ᠡ 

ᠬᠠᠮᠢᠭ᠎ᠠ ᠭᠠᠵᠠᠷ ᠠ᠋ᠴᠠ ᠵᠠᠬᠢᠳᠠᠯ ᠨᠢᠭᠡ ᠢᠷᠡᠬᠦ ᠶᠤᠮ ᠰᠢᠭ
ᠬᠠᠯᠠᠭᠤᠬᠠᠨ ᠪᠣᠳᠣᠭᠳᠠᠵᠤ
ᠬᠠᠭᠠᠯᠭ᠎ᠠ ᠨᠢ ᠤᠨᠢᠰᠤ ᠲᠠᠢ ᠳᠠᠮᠵᠢᠭᠤᠯᠬᠤ ᠭᠡᠷ ᠲᠦ᠍ ᠰᠠᠨᠠᠨ ᠰᠠᠨᠠᠨ ᠣᠴᠢᠨ᠎ᠠ
ᠬᠠᠶᠠ ᠬᠠᠶᠠ
ᠬᠠᠳᠠᠨ ‍ᠤ ᠴᠢᠯᠠᠭᠤ ᠪᠤᠶᠤ ᠬᠠᠩᠭᠠᠢ ᠶ᠋ᠢᠨ ᠡᠪᠡᠰᠦ ᠲᠠᠢ
ᠬᠠᠮᠤᠭ ᠠ᠋ᠴᠠ ᠢᠯᠡᠭᠦᠦ ᠶᠠᠷᠢᠶ᠎ᠠ ᠨᠡᠶ᠋ᠢᠯᠡᠬᠦ ᠰᠢᠭ᠌ ᠪᠣᠳᠣᠯ ᠤᠶᠠᠩᠭᠠᠷᠠᠨ᠎ᠠ 

ᠦᠷᠭᠦᠯᠵᠢ
ᠥᠪᠡᠷ ‍ᠢᠶ᠋ᠡᠨ ᠴᠦ᠍ ᠦᠯᠦ ᠮᠡᠳᠡᠬᠦ ᠰᠢᠯᠲᠠᠭᠠᠨ ‍ᠢᠶ᠋ᠠᠷ
ᠬᠡᠶ᠋ᠢᠷᠬᠡᠬᠦ ᠪᠤᠶᠤ ᠭᠤᠨᠢᠭᠯᠠᠵᠤ ᠂ ᠪᠢ
ᠦᠳᠡᠰᠢ ᠪᠣᠯᠭᠠᠨ ᠥᠯᠥᠰᠬᠦᠯᠡᠩ ᠬᠡᠪᠲᠡᠳᠡᠭ ᠪᠢᠯᠡ
ᠨᠠᠳᠠ ᠳ᠋ᠤ᠌ 
ᠨᠠᠷᠠ ᠪᠠ ᠬᠣᠭᠣᠯᠠᠨ ᠭᠡᠷ ᠂ ᠬᠠᠮᠤᠭ ᠢᠯᠡᠭᠦᠦ ᠵᠡᠭᠥᠳᠥᠯᠡᠭᠳᠡᠨ᠎ᠡ 

     ᠢᠷᠡᠬᠦ ᠵᠠᠭᠤᠨ ‍ᠤ ᠬᠣᠩᠬᠣᠨ ᠳᠠᠭᠤᠨ ( ᠨᠢᠭᠡ ) 

ᠳᠣᠮᠣᠭ ᠳᠤᠷᠠᠳᠬᠠᠯ ᠪᠠᠯᠠᠯᠵᠤ
ᠳᠠᠭᠤ ᠦᠭᠡᠢ ᠨᠠᠷᠢᠨ ᠡᠪᠡᠰᠦ ᠳᠠᠭᠤᠯᠠᠩᠬᠠᠨ ᠤᠷᠭᠤᠨ᠎ᠠ
ᠬᠡᠭᠡᠷ᠎ᠡ ᠶ᠋ᠢᠨ ᠴᠡᠴᠡᠭ
ᠬᠡᠬᠥᠷ ᠴᠢᠯᠠᠭᠤᠵᠢᠭᠰᠠᠨ ᠬᠠᠭᠤᠴᠢᠨ ᠳᠠᠶ᠋ᠢᠨ ‍ᠤ ᠲᠠᠯᠠᠪᠤᠷ ᠲᠤ᠌ ᠤᠶᠠᠩᠭᠠᠲᠠᠶ᠋ᠢᠬᠠᠨ ᠠᠯᠬᠠᠷᠠᠵᠠᠢ 

ᠠᠶ᠋ᠢᠯ ᠠ᠋ᠴᠠ ᠬᠣᠯᠠ ᠪᠣᠳᠣᠯ ᠠ᠋ᠴᠠ  ᠣᠶ᠋ᠢᠷ᠎ᠠ ᠡᠨᠡ ᠭᠠᠵᠠᠷ ‍ᠤᠨ
ᠤᠬᠠᠭ᠎ᠠ ᠨᠤᠷᠠᠭᠠᠬᠤ ᠰᠢᠬᠥᠳᠡᠷᠢ
ᠤᠨᠠᠬᠤ ᠶ᠋ᠢᠨ ᠨᠠᠭᠠᠭᠤᠷ ᠪᠦᠮᠪᠦᠭᠡᠨᠡᠭᠦᠯᠬᠥ
ᠠᠮᠠᠷᠠᠭ ᠴᠠᠭᠠᠨ ᠮᠠᠨᠠᠨ ᠰᠡᠬᠦᠵᠦ
ᠰᠠᠶ᠋ᠢᠬᠠᠨ ᠬᠣᠶᠠᠷ ᠵᠠᠯᠠᠭᠤ ᠬᠥᠮᠦᠨ ‍ᠦ
ᠰᠠᠨᠠᠬᠤ ᠶ᠋ᠢᠨ ᠭᠠᠭᠴᠠ ᠶᠠᠷᠢᠶ᠎ᠠ ᠳᠥᠰᠢᠭᠰᠡᠨ ᠪᠠᠷ᠎ᠠ
ᠪᠥᠮᠪᠥᠷᠴᠡᠭ ᠪᠦᠪᠡᠶ᠋ᠢᠯᠡᠩᠬᠡᠨ ᠲᠤᠶᠠᠭᠠᠷᠠᠵᠤ ᠪᠠᠶ᠋ᠢᠨ᠎ᠠ ᠡ ᠁


 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ  ᠠᠮᠢᠯᠠᠭᠤᠯᠤᠭᠰᠠᠨ ᠨᠢ :  ᠴᠣᠯᠮᠣᠨᠲᠦᠶᠠᠭ᠎ᠠ
                  2023᠂ 5᠂ 4