ᠲᠠᠩᠨᠠᠢ ᠶ᠋ᠢᠨ ᠭᠤᠷᠪᠠᠨ ᠰᠤᠳᠠᠰᠤ - ᠲ ᠂ ᠭᠣᠮᠪᠣᠵᠠᠪ Тагнайн гурван судас - Т ᠂ Гомбожав
ᠲᠠᠩᠨᠠᠢ ᠶ᠋ᠢᠨ ᠭᠤᠷᠪᠠᠨ ᠰᠤᠳᠠᠰᠤ
ᠲ᠂ ᠭᠣᠮᠪᠣᠵᠠᠪ
ᠬᠤᠨ ᠪ ᠴᠠᠭᠠᠨ ᠥᠲᠥ
ᠬᠣᠯᠠ ᠨᠢᠰᠬᠦ ᠬᠦᠰᠡᠯ ᠦ᠋ᠨ ᠴᠢᠨᠢ
ᠬᠡᠪᠡᠷᠡᠭᠬᠡᠨ ᠠᠮᠢᠰᠬᠤᠯ ᠪᠣᠯᠵᠤ ᠪᠢ ᠲᠥᠷᠥᠯ᠎ᠡ
ᠬᠣᠣᠰ ᠳᠠᠯᠠᠪᠴᠢ ᠶ᠋ᠢᠨ ᠴᠢᠨᠢ
ᠠᠭᠠᠷ ᠰᠡᠪᠢᠬᠦ ᠪᠠᠶ᠋ᠢᠷᠢ ᠡᠵᠡᠯᠡᠵᠦ ᠪᠢ ᠤᠷᠭᠤᠯ᠎ᠠ
ᠤᠬᠠᠭᠠᠨ ᠴᠡᠯᠮᠡᠭ ᠣᠭᠲᠠᠷᠭᠤᠢ ᠪᠠᠷ ᠶ᠋ᠢᠠᠨ
ᠤᠯᠠᠷᠢᠯ ᠬᠣᠩᠬᠣ ᠂ ᠴᠢᠮᠠᠶ᠋ᠢ ᠪᠠᠨ
ᠤᠶᠠᠩᠬ᠋᠎ᠠ ᠰᠤᠪᠤᠭᠤᠯᠵᠤ ᠨᠢᠰᠬᠡᠬᠦ ᠪᠣᠯ ᠮᠢᠨᠦ ᠬᠦᠰᠡᠯ ᠪᠢᠯᠡ
ᠵᠡᠭᠦᠲᠦ ᠲᠡᠷᠭᠡᠯᠬᠡᠨ ᠨᠠᠭᠤᠷ ᠶ᠋ᠢᠠᠷ ᠶ᠋ᠢᠠᠨ
ᠵᠥᠩ ᠦ᠋ᠨ ᠡᠭᠡᠰᠢᠭ ᠂ ᠴᠢᠮᠠᠶ᠋ᠢ ᠪᠠᠨ
ᠵᠡᠭᠡᠰᠦ ᠦᠨᠦᠰᠦᠭᠦᠯᠵᠦ ᠳᠡᠪᠳᠡᠷᠢᠭᠦᠯᠬᠦ ᠪᠣᠯ ᠮᠢᠨᠦ ᠡᠭᠦᠷᠭᠡ ᠪᠢᠯᠡ
ᠤᠷᠭᠤᠬᠤ ᠶ᠋ᠢᠨ ᠤᠯᠠᠪᠤᠷᠬᠠᠨ ᠪᠠᠶᠠᠰᠤᠯ ᠰᠠᠴᠤᠵᠤ
ᠵᠤᠯᠭᠠᠷᠠᠬᠤ ᠶ᠋ᠢᠨ ᠵᠤᠵᠠᠭᠠᠨ ᠭᠤᠨᠢᠬ ᠮᠡᠲᠡᠭᠡᠯᠡᠵᠦ
ᠤᠬᠠᠭᠠᠷᠠᠵᠤ ᠭᠡᠰᠬᠦ ᠰᠢᠷᠣᠢ ᠶ᠋ᠢᠨ ᠶ᠋ᠢᠡᠨ ᠠᠭᠤᠲᠠᠮᠬᠠᠨ ᠰᠡᠤᠠᠬᠢᠯ ᠳᠡᠭᠡᠭᠦᠷ
ᠴᠢ ᠮᠢᠨᠢ ᠳᠠᠭᠤᠯᠠᠭᠠᠷᠠᠢ ᠡ ᠤᠬᠢᠯᠠᠭᠠᠷᠠᠢ !
ᠴᠢᠮᠠᠶ᠋ᠢ ᠣᠨᠢᠯᠠᠵᠤ ᠬᠠᠷᠠᠬᠤ
ᠴᠢᠰᠤᠨ ᠤᠯᠠᠭᠠᠨ ᠨᠢᠲᠦ ᠮᠢᠨᠦ ᠳᠡᠭᠡᠷ᠎ᠡ ᠬᠠᠭᠠᠷᠠᠭ ᠡ
ᠴᠢᠨᠦᠬᠢ ᠪᠡᠨ
ᠴᠡᠴᠡᠭᠡᠰ ᠮᠠᠨᠠᠬᠤ ᠵᠡᠭᠦᠲᠦᠨ ᠪ ᠴᠢᠨᠢ
ᠴᠢᠮᠪᠠᠶ᠋ᠢᠬᠠᠨ ᠠᠭᠤᠯᠬ᠋᠎ᠠ ᠪᠣᠯᠵᠤ ᠪᠢ ᠤᠨᠠᠶᠠ ᠁
ᠬᠤᠨ ᠭᠠᠯᠠᠭᠤ ᠮᠢᠨᠢ ᠠ᠋
ᠭᠠᠯᠠᠭᠤᠨ ᠪ ᠳᠠᠭᠤᠨ
ᠤᠯᠠᠷᠢᠯ ᠦ᠋ᠨ ᠠᠯᠲᠠᠨ ᠬᠣᠩᠬᠣ
ᠭᠠᠩᠭᠠᠷ ᠭᠣᠩᠭᠣᠷ ᠨᠢᠰᠦᠨ᠎ᠡ ᠪᠢᠯᠡ
ᠤᠶᠠᠩᠭᠠᠲᠠᠶ᠋ᠢᠬᠠᠨ ᠡᠭᠡᠰᠢᠭ ᠨᠢ
ᠤᠷᠤᠭᠤ ᠴᠢᠪ ᠴᠢᠪ ᠳᠤᠰᠤᠯᠠᠵᠤ
ᠰᠢᠪ ᠰᠢᠷᠭᠠᠯ
ᠨᠣᠪ ᠨᠣᠶ᠋ᠢᠲᠠᠨ
ᠮᠥᠷᠦᠭᠡᠰᠦᠯ ᠴᠡᠴᠡᠭᠯᠡᠭᠦᠯᠦᠨ᠎ᠡ
ᠨᠠᠷᠠ ᠬᠣᠯᠠᠲᠠᠬᠤ ᠶ᠋ᠢᠨ ᠰᠤᠷᠠᠭ
ᠨᠠᠮᠤᠷ ᠪᠤᠴᠠᠬᠤ ᠶ᠋ᠢᠨ ᠴᠢᠮᠡᠭᠡ ᠬᠥᠲᠡᠭᠡ ᠳᠠᠶᠠᠭᠠᠷ ᠬᠠᠩᠭᠢᠨᠠᠵᠤ
ᠨᠠᠪᠴᠢᠰ ᠰᠢᠷᠬᠠᠯᠠᠭᠰᠠᠨ ᠰᠡᠤᠠᠬᠢᠯ ᠦ᠋ᠳ
ᠡᠲᠦᠷ ᠡᠴᠡ ᠡᠲᠦᠷ ᠨᠢᠭᠡ ᠲᠠᠰᠢ ᠳ᠋ᠡᠭᠡᠨ ᠥᠲᠡᠯᠦᠨ᠎ᠡ
ᠬᠥᠮᠦᠰ ᠦ᠋ᠨ ᠪᠣᠲᠣᠯ ᠡᠴᠡ
ᠬᠥᠬᠡᠷᠡᠬᠦ ᠶ᠋ᠢᠨ ᠲᠦᠮᠡᠨ ᠬᠦᠰᠡᠯ ᠦᠷᠭᠦᠵᠦ
ᠬᠥᠯᠥᠭ ᠦ᠋ᠨ ᠣᠩᠭᠣᠨ ᠳᠡᠯ ᠳᠡᠭᠡᠷ᠎ᠡ
ᠬᠥᠯᠲᠡᠬᠦ ᠶ᠋ᠢᠨ ᠡᠮᠦᠨᠡᠬᠢ ᠡᠰᠡᠷᠭᠦᠴᠡᠯ ᠭᠠᠯ ᠨᠣᠴᠣᠨ᠎ᠠ
ᠭᠠᠭᠴᠠᠬᠦ
ᠣᠨ ᠡᠯᠡᠭᠡᠵᠦ ᠠᠮᠢᠲᠤᠷᠠᠭᠰᠠᠨ
ᠠᠭᠤᠯᠠᠰ ᠮᠢᠨᠢ ᠯᠠ ᠳᠤᠪ ᠳᠤᠭᠤᠢ
ᠶᠠᠪᠤᠭᠰᠠᠨ ᠮᠥᠷ ᠪᠠᠶ᠋ᠢᠬ᠋᠎ᠠ ᠬᠣᠶ᠋ᠢᠨ᠎ᠠ
ᠢᠷᠡᠬᠦ ᠡᠲᠦᠷ ᠪᠠᠶ᠋ᠢᠯᠭᠦᠢ ᠯᠡ ᠭᠡᠬᠦ
ᠬᠠᠲᠠᠭᠤᠬᠠᠨ ᠢᠲᠡᠭᠡᠯ ᠲᠡᠢ ᠵᠣᠭᠰᠣᠨ᠎ᠠ ᠪᠢᠯᠡ ᠡ ᠁
ᠠᠶ᠋ᠢᠰᠤᠢ ᠡᠲᠦᠷ ᠦ᠋ᠨ ᠴᠣᠩᠬᠣ ᠪᠠᠷ
ᠠᠶ᠋ᠢᠰᠤᠢ ᠡᠲᠦᠷ ᠦ᠋ᠨ ᠴᠣᠩᠬᠣ ᠪᠠᠷ ᠭᠠᠯᠠᠭᠤ ᠬᠠᠷᠠᠭᠲᠠᠨ᠎ᠠ
ᠠᠮᠠᠷᠠᠭ ᠴᠠᠭᠠᠨ ᠮᠠᠨᠠᠨ ᠳᠤᠷᠠᠳᠬᠠᠯ ᠪᠥᠭᠡᠴᠠᠶ᠋ᠢᠯᠠᠨ ᠥᠤᠠᠭᠡᠷᠡᠵᠥ
ᠠᠰᠠᠵᠤ ᠳᠠᠭᠤᠰᠤᠭᠰᠠᠨ ᠲᠠᠮᠠᠬᠢᠨ ᠪ ᠣᠯᠠᠨ ᠰᠢᠯᠪᠢ ᠨᠤᠭᠦᠳ ᠦ᠋ᠨ ᠦᠯᠢᠭᠡᠷ ᠰᠢᠩᠭᠡᠷᠡᠵᠦ
ᠠᠶ᠋ᠢᠰᠤᠢ ᠡᠲᠦᠷ ᠦ᠋ᠨ ᠴᠣᠩᠬᠣ ᠪᠠᠷ ᠭᠠᠯᠠᠭᠤ ᠬᠠᠷᠠᠭᠲᠠᠨ᠎ᠠ
ᠰᠤᠮᠤ ᠪᠠᠨ ᠬᠠᠷᠪᠤᠭᠰᠠᠨ ᠫᠤᠤ ᠨᠤᠭᠤᠳ ᠦ᠋ᠨ
ᠰᠤᠮᠤ ᠨᠢ ᠬᠣᠭᠣᠰᠣᠨ ᠤᠨᠠᠨ ᠭᠠᠵᠠᠷ ᠲᠦ ᠵᠢᠪᠡᠷᠡᠵᠦ
ᠰᠠᠯᠬᠢ ᠴᠠᠰᠤᠨ ᠪ ᠥᠭᠴᠡᠭᠡ ᠠᠪᠴᠠᠬ᠋ᠠ
ᠥᠨᠢᠲᠡ ᠬᠣᠭᠣᠰᠣᠨ ᠭᠡᠷ᠎ᠡ ᠪᠣᠯᠵᠤ
ᠠᠶ᠋ᠢᠰᠤᠢ ᠡᠲᠦᠷ ᠦ᠋ᠨ ᠴᠣᠩᠬᠣ ᠪᠠᠷ ᠭᠠᠯᠠᠭᠤ ᠬᠠᠷᠠᠭᠲᠠᠨ᠎ᠠ
ᠬᠥᠮᠦᠰ ᠂ ᠥᠴᠥᠭᠡᠲᠦᠷ ᠲᠡᠢ ᠪᠡᠨ ᠲᠣᠶ᠋ᠢᠯ ᠦᠭᠡᠢ ᠵᠠᠶ᠋ᠢᠳᠠᠨ
ᠬᠡᠦᠬᠡᠳ ᠦ᠋ᠳ ᠣᠯᠣᠮ ᠦ᠋ᠨ ᠴᠢᠯᠠᠭᠤ ᠰᠢᠭ᠋
ᠣᠲᠣ ᠲᠡᠭᠦᠯᠴᠡᠨ ᠨᠠᠭᠠᠤᠠᠴᠤ
ᠬᠥᠬᠡᠷᠡᠬᠦ ᠠᠬᠢ ᠶ᠋ᠢᠨ ᠰᠡᠤᠠᠬᠢᠯ ᠶ᠋ᠢᠡᠷ ᠂ ᠣᠷᠣᠨ ᠵᠠᠢ
ᠠᠭᠤᠷ ᠠᠮᠢᠰᠬᠤᠯ ᠳᠤᠭᠲᠠᠯᠴᠠᠵᠤ
ᠴᠠᠪ ᠴᠡᠩᠬᠡᠷ
ᠲᠤᠪ ᠲᠤᠩᠭᠠᠯᠠᠭ
ᠠᠶ᠋ᠢᠰᠤᠢ ᠡᠲᠦᠷ ᠦ᠋ᠨ ᠴᠣᠩᠬᠣ ᠪᠠᠷ
ᠠᠭᠠᠷ ᠰᠡᠪᠢᠨ ᠢᠷᠡᠬᠦ ᠭᠠᠯᠠᠭᠤ ᠮᠢᠨᠢ ᠯᠡ ᠬᠠᠷᠠᠭᠲᠠᠨ᠎ᠠ ᠡ ᠁
1987 ᠂10 ᠂1
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠠᠮᠢᠯᠠᠭᠤᠯᠤᠨ ᠬᠠᠭᠤᠯᠤᠭᠰᠠᠨ ᠨᠢ ᠄ ᠲᠡᠭᠷᠢ ᠡᠵᠢ
ᠬᠢᠨᠠᠭ᠍ᠴᠢ : ᠴᠣᠯᠮᠣᠨᠲᠤᠶᠠᠭ᠎ᠠ ᠪᠠᠭ᠍ᠰᠢ
2023 ᠂ 5 ᠂ 4 ᠂ ᠪ ᠡᠲᠦᠷ
