ᠬᠤᠨᠲᠠᠬ᠋ᠠ ᠶ᠋ᠢᠨ ᠳᠠᠭᠤᠤ ( ᠣᠷᠱᠤᠨ ᠭᠣᠣᠯ ) - ᠦᠭᠡ ᠄ ᠸᠴᠢᠷᠲᠣᠷᠵᠢ ᠂ ᠠᠶ᠎ᠠ ᠄ ᠽᠠᠨᠲᠠᠨ Хундхын дуу ( Оршин гол ) – Үг ᠄ Очирдорж ᠂ Ая ᠄ Зандан
ᠬᠤᠨᠲᠠᠬ᠋ᠠ ᠶ᠋ᠢᠨ ᠳᠠᠭᠤᠤ
ᠦᠭᠡ ᠄ ᠸᠴᠢᠷᠲᠣᠷᠵᠢ
ᠠᠶ᠎ᠠ ᠄ ᠽᠠᠨᠲᠠᠨ
ᠠᠶ᠋ᠢᠷᠠᠭ ᠶ᠋ᠢᠠᠷ ᠨᠡᠷᠡᠭᠰᠡᠨ ᠠᠷᠠᠵᠠ ᠶᠤᠮ
ᠠᠮᠲᠠᠲᠠᠢ ᠰᠠᠶ᠋ᠢᠬᠠᠨ ᠲᠤᠩᠭᠠᠯᠠᠭ ᠭᠣᠶᠣᠬᠠᠨ
ᠠᠶ᠋ᠢᠯᠴᠢᠨ ᠣᠯᠠᠨ ᠨᠥᠬᠥᠳ ᠲᠡᠢ ᠪᠡᠨ
ᠠᠯᠲᠠᠨ ᠬᠤᠨᠲᠠᠬ᠋ᠠ ᠪᠠᠷ ᠨᠠᠶ᠋ᠢᠷᠯᠠᠶᠠ
ᠰᠠᠭᠠᠯᠢ ᠪᠠᠷ ᠪᠦᠷᠢᠭᠰᠡᠨ ᠬᠣᠣᠷᠠᠵᠠ ᠶᠤᠮ
ᠰᠢᠮ᠎ᠡ ᠲᠡᠢ ᠰᠠᠶ᠋ᠢᠬᠠᠨ ᠠᠩᠬᠢᠯᠤᠮ᠎ᠠ ᠭᠣᠶᠣᠬᠠᠨ
ᠰᠡᠤᠠᠬᠢᠯ ᠦ᠋ᠨ ᠬᠠᠶ᠋ᠢᠷᠠᠲᠤ ᠲᠠᠨᠠᠷ ᠲᠠᠢ ᠪᠠᠨ ᠴᠤ᠌
ᠰᠠᠯᠤᠨ ᠬᠤᠨᠲᠠᠬ᠋ᠠ ᠪᠠᠨ ᠡᠷᠭᠦᠶ᠎ᠡ ᠃
ᠲᠠᠷᠠᠭ ᠶ᠋ᠢᠠᠷ ᠬᠢᠭᠰᠡᠨ ᠰᠠᠷᠬᠤᠳ ᠶᠤᠮ
ᠲᠠᠩᠰᠤᠭ ᠢᠲᠡᠭᠡᠨ ᠪ ᠳᠡᠭᠡᠵᠢ ᠶᠤᠮ
ᠲᠠᠨᠢᠵᠤ ᠮᠡᠳᠡᠭᠰᠡᠨ ᠨᠥᠬᠥᠳ ᠲᠡᠢ ᠪᠡᠨ
ᠲᠠᠪᠠᠲᠠᠢ ᠤᠤᠭᠤᠭᠠᠳ ᠬᠥᠭᠡᠷᠦᠯᠲᠦᠶᠡ ᠃
ᠪᠤᠲᠠᠬ᠋᠎ᠠ ᠪᠠᠷ ᠨᠡᠷᠡᠭᠰᠡᠨ ᠠᠷᠢᠬᠢ ᠶᠤᠮ
ᠪᠤᠷᠠᠮ ᠰᠢᠬᠢᠷ ᠦ᠋ᠨ ᠠᠮᠲᠠᠲᠠᠢ ᠳ᠋ᠠ
ᠪᠤᠯᠲᠤ ᠣᠯᠠᠨ ᠲᠠᠨᠠᠷ ᠲᠠᠢ ᠪᠠᠨ
ᠪᠠᠶᠠᠷ ᠦ᠋ᠨ ᠬᠤᠨᠲᠠᠬ᠋ᠠ ᠪᠠᠨ ᠡᠷᠭᠦᠶ᠎ᠡ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 2 ᠦᠨ ᠡᠲᠦᠷ
