ᠨᠤᠲᠤᠭ ᠦ᠋ᠨ ᠦᠵᠡᠮᠵᠢ ( ᠣᠷᠱᠤᠨ ᠭᠣᠣᠯ ) - ᠦᠭᠡ ᠄ ᠲᠤᠶᠠᠭ᠎ᠠ ᠂ ᠠᠶ᠎ᠠ ᠄ ᠽᠠᠨᠲᠠᠨ Нутгийн үзэмж ( Оршин гол ) – Үг ᠄ Туяа ᠂ Ая ᠄ Зандан
ᠨᠤᠲᠤᠭ ᠦ᠋ᠨ ᠦᠵᠡᠮᠵᠢ
ᠦᠭᠡ ᠄ ᠲᠤᠶᠠᠬ᠋᠎ᠠ
ᠠᠶ᠎ᠠ ᠄ ᠽᠠᠨᠲᠠᠨ
ᠲᠠᠪᠤᠨ ᠬᠣᠰᠢᠭᠤ ᠮᠠᠯ ᠮᠢᠨᠢ
ᠲᠠᠯ᠎ᠠ ᠨᠤᠲᠤᠭ ᠦ᠋ᠨ ᠳᠣᠯᠭᠢᠶᠠᠨ ᠰᠢᠦ
ᠲᠠᠩᠰᠤᠭ ᠨᠣᠭᠣᠭᠠᠨ ᠵᠦᠯᠭᠡᠨ ᠳ᠋ᠤᠨᠢ
ᠲᠠᠨ᠎ᠠ ᠰᠤᠪᠤᠳ ᠦ᠋ᠨ ᠬᠡᠯᠬᠢᠶ᠎ᠡ ᠲᠡᠢ
ᠠ ᠠ ᠬᠠ ᠠ ᠠ ᠬᠠ ᠬᠦᠢ ᠠ ᠠ ᠬᠠ ᠬᠦᠢ
ᠦᠵᠡᠰᠭᠦᠯᠩᠲᠦ ᠰᠠᠶ᠋ᠢᠬᠠᠨ ᠬᠥᠯᠥᠨ ᠪᠣᠶ᠋ᠢᠷ ᠮᠢᠨᠢ
ᠦᠰᠴᠦ ᠪᠤᠶ᠋ᠢᠵᠢᠬᠰᠨ ᠮᠢᠨᠦ ᠣᠷᠣᠨ ᠃
ᠦᠨᠢᠷ ᠪᠠᠶᠠᠨ ᠰᠦᠷᠦᠭ ᠮᠢᠨᠢ
ᠥᠷᠯᠥᠭ ᠨᠤᠲᠤᠭ ᠲᠤ ᠪᠠᠨ ᠴᠢᠮᠡᠭ ᠶᠤᠮ ᠂
ᠥᠷᠭᠡᠨ ᠠᠭᠤᠲᠤᠮ ᠪᠡᠯᠴᠢᠭᠡᠷ ᠮᠢᠨᠢ
ᠦᠵᠡᠬᠦ ᠨᠢᠲᠦᠨ ᠳ᠋ᠤ᠌ ᠮᠢᠨᠢ ᠪᠠᠬ᠎ᠠ ᠲᠠᠢ
ᠳᠠᠭᠢᠯᠲᠠ
ᠮᠠᠩᠨᠤᠭ ᠲᠣᠷᠭᠠᠨ ᠪᠡᠯᠴᠢᠭᠡᠷ ᠮᠢᠨᠢ
ᠮᠠᠨ ᠪ ᠨᠤᠲᠤᠭ ᠦ᠋ᠨ ᠦᠵᠡᠮᠵᠢ ᠰᠢᠦ
ᠮᠥᠩᠭᠥᠨ ᠴᠠᠭᠠᠨ ᠬᠣᠨᠢᠳ ᠮᠢᠨᠢ
ᠮᠣᠩᠭᠣᠯ ᠨᠤᠲᠤᠭ ᠦ᠋ᠨ ᠰᠤᠪᠤᠳ ᠰᠢᠦ ᠃
ᠳᠠᠭᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠮᠢᠭᠮᠡᠷ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 2 ᠦᠨ ᠡᠲᠦᠷ
