ᠴᠢᠮᠡᠭ ᠳ᠋ᠠ ( ᠣᠷᠱᠤᠨ ᠭᠣᠣᠯ ) - ᠦᠭᠡ ᠄ ᠬᠠᠲᠠᠪᠠᠶᠠᠷ ᠂ ᠠᠶ᠎ᠠ ᠄ ᠽᠠᠨᠲᠠᠨ Чимэг даа ( Оршин гол ) – Үг ᠄ Хадбаяр ᠂ Ая ᠄ Зандан
ᠴᠢᠮᠡᠭ ᠳᠠ
ᠦᠭᠡ ᠄ ᠬᠠᠲᠠᠪᠠᠶᠠᠷ
ᠠᠶ᠎ᠠ ᠄ ᠽᠠᠨᠲᠠᠨ
ᠬᠠᠶ᠋ᠢᠯᠠᠰᠤᠲᠤ ᠰᠠᠶ᠋ᠢᠬᠠᠨ ᠠᠭᠤᠯᠠ ᠨᠢ
ᠬᠠᠩᠭᠠᠢ ᠨᠤᠲᠤᠭ ᠦ᠋ᠨ ᠮᠢᠨᠢ ᠴᠢᠮᠡᠭ ᠳ᠋ᠠ
ᠬᠠᠶ᠋ᠢᠷᠠᠲᠤ ᠠᠮᠠᠷᠠᠭ ᠮᠢᠨᠦ ᠪᠦᠰᠡᠭᠦᠢ
ᠬᠠᠨᠢᠯᠠᠭᠰᠠᠨ ᠨᠠᠲᠠᠲᠤ ᠪᠠᠨ ᠴᠢᠮᠡᠭ ᠳ᠋ᠠ
ᠬᠥᠬᠥᠭᠡ ᠰᠢᠪᠠᠭᠤ ᠳᠣᠩᠭᠣᠳᠬᠤ ᠨᠢ
ᠬᠥᠪᠴᠢ ᠣᠢ ᠳ᠋ᠤ᠌ ᠮᠢᠨᠢ ᠴᠢᠮᠡᠭ ᠳ᠋ᠠ ᠂
ᠬᠣᠩᠭᠣᠷ ᠬᠠᠶ᠋ᠢᠷᠠᠲᠤ ᠮᠢᠨᠦ ᠪᠦᠰᠡᠭᠦᠢ
ᠬᠤᠪᠢᠯᠠᠭᠰᠠᠨ ᠨᠠᠲᠠᠲᠤ ᠪᠠᠨ ᠴᠢᠮᠡᠭ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 5 ᠰᠠᠷ᠎ᠠ ᠶ᠋ᠢᠨ 2 ᠦᠨ ᠡᠲᠦᠷ
