ᠵᠠᠩᠭᠠᠷ ᠤᠨ ᠣᠷᠣᠰᠢᠯ ᠪᠦᠯᠦᠭ ᠦ᠋ᠨ ᠵᠢᠷᠭᠤᠳᠤᠭᠠᠷ ᠬᠡᠰᠡᠭᠯᠡᠯ-ᠠᠯᠲᠠᠨ ᠴᠡᠭᠡᠵᠢ ᠪᠡᠪᠡᠭ ᠪᠠᠭᠠᠲᠤᠷЖангарын оршил бөлгийн зургадугаар хэсэглэл-алтан цээж баваг баатар ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤᠨ ᠣᠷᠣᠰᠢᠯ ᠪᠦᠯᠦᠭ ᠦ᠋ᠨ ᠵᠢᠷᠭᠤᠳᠤᠭᠠᠷ ᠬᠡᠰᠡᠭᠯᠡᠯ-ᠠᠯᠲᠠᠨ ᠴᠡᠭᠡᠵᠢ ᠪᠡᠪᠡᠭ ᠪᠠᠭᠠᠲᠤᠷЖангарын оршил бөлгийн зургадугаар хэсэглэл-алтан цээж баваг баатар

ᠵᠠᠩᠭᠠᠷ ᠤᠨ ᠣᠷᠣᠰᠢᠯ ᠪᠦᠯᠦᠭ ᠦ᠋ᠨ ᠵᠢᠷᠭᠤᠳᠤᠭᠠᠷ ᠬᠡᠰᠡᠭᠯᠡᠯ-ᠠᠯᠲᠠᠨ ᠴᠡᠭᠡᠵᠢ ᠪᠡᠪᠡᠭ ᠪᠠᠭᠠᠲᠤᠷЖангарын оршил бөлгийн зургадугаар хэсэглэл-алтан цээж баваг баатар

ᠠᠩᠭᠢᠯᠠᠯ:ᠲᠤᠤᠯᠢᠰ
2023-05-03

1384

ᠵᠠᠩᠭᠠᠷ ᠤᠨ ᠣᠷᠣᠰᠢᠯ ᠪᠦᠯᠦᠭ ᠦ᠋ᠨ ᠵᠢᠷᠭᠤᠳᠤᠭᠠᠷ ᠬᠡᠰᠡᠭᠯᠡᠯ

   ᠠᠯᠲᠠᠨ ᠴᠡᠭᠡᠵᠢ ᠪᠡᠪᠡᠭ ᠪᠠᠭᠠᠲᠤᠷ 


ᠠᠯᠳᠠᠷ ᠨᠣᠶᠠᠨ ᠪᠣᠭᠳᠠ ᠵᠠᠩᠭᠠᠷ ᠤ᠋ᠨ᠂
ᠠᠷᠪᠠᠨ ᠬᠣᠶᠠᠷ ᠪᠠᠭᠠᠲᠤᠷ ᠤ᠋ᠨ᠂

ᠪᠠᠷᠠᠭᠤᠨ ᠪᠡᠶ᠎ᠡ ᠶ᠋ᠢᠨ ᠠᠬᠠᠯᠠᠭᠴᠢ᠂
ᠠᠯᠲᠠᠨ ᠴᠡᠭᠡᠵᠢ ᠪᠠᠪᠠᠢ ᠶ᠋ᠢ ᠬᠡᠯᠡᠭᠡᠳ ᠢᠷᠡᠳᠡᠭ ᠪᠣᠯᠬᠤᠯ᠎ᠠ᠂

ᠢᠷᠡᠭᠡᠳ ᠦᠭᠡᠢ ᠶᠡᠷᠡᠨ ᠶᠢᠰᠦᠨ ᠵᠢᠯ ᠢ᠋᠂
ᠤᠭᠲᠤᠭᠠᠳ ᠠᠢᠯᠠᠳᠤᠭᠠᠳ ᠰᠠᠭᠤᠳᠠᠭ ᠭᠡᠨ᠎ᠡ ᠯᠡ᠂ 

ᠥᠩᠭᠡᠷᠡᠭᠰᠡᠨ ᠶᠡᠷᠡᠨ ᠶᠢᠰᠦᠨ ᠵᠢᠯ ᠢ᠋᠂
ᠡᠷᠭᠢᠴᠡᠭᠦᠯᠦᠭᠡᠳ ᠮᠡᠳᠡᠭᠡᠳ ᠰᠠᠭᠤᠳᠠᠭ ᠭᠡᠨ᠎ᠡ ᠯᠡ᠂
ᠲᠥᠷᠥ ᠱᠠᠵᠢᠨ ᠬᠣᠶᠠᠷ ᠢ᠋ᠶ᠋ᠠᠨ᠂

ᠨᠣᠮᠯᠠᠨ ᠰᠠᠬᠢᠨ ᠰᠠᠭᠤᠳᠠᠭ ᠭᠡᠨ᠎ᠡ ᠯᠡ᠂
ᠲᠡᠮᠦᠷ ᠰᠦᠮ᠎ᠡ ᠶ᠋ᠢᠨ ᠡᠭᠦᠳᠡ ᠶ᠋ᠢ᠂

ᠪᠠᠲᠤᠯᠠᠨ ᠰᠠᠬᠢᠨ ᠰᠠᠭᠤᠳᠠᠭ ᠭᠡᠨ᠎ᠡ ᠯᠡ᠂
ᠨᠠᠢ᠍ᠮᠠᠨ ᠮᠢᠩᠭᠠᠨ ᠶᠢᠷᠲᠢᠨᠴᠦ ᠳ᠋ᠦ᠍ ᠂
ᠤᠬᠠᠭᠠᠨ ᠢᠶᠡᠷ ᠢ᠋ᠶ᠋ᠡᠨ ᠨᠡᠷ᠎ᠡ ᠳᠤᠭᠤᠷᠠᠭᠰᠠᠨ᠂
ᠠᠷᠠᠭ ᠵᠤᠯᠠ ᠬᠠᠭᠠᠨ ᠤ᠋ ᠬᠥᠪᠡᠭᠦᠨ᠂
ᠠᠭᠰᠤᠭ ᠪᠣᠯᠤᠭᠰᠠᠨ ᠤᠯᠠᠭᠠᠨ ᠬᠦᠯᠦᠭ ᠲᠡᠢ᠂
ᠠᠢᠭ᠎ᠠ ᠶ᠋ᠢᠨ ᠴᠢᠨᠡᠭᠡᠨ ᠠᠯᠠᠭ ᠨᠢᠳᠦ ᠲᠡᠢ᠂
ᠠᠯᠲᠠᠨ ᠴᠡᠭᠡᠵᠢ ᠪᠡᠪᠡᠭ ᠪᠠᠭᠠᠲᠤᠷ ᠭᠡᠵᠦ ᠬᠡᠯᠡᠳᠡᠭ᠂ 

ᠰᠠᠨᠵᠢ ᠭᠡᠨ᠎ᠡ ᠯᠡ᠃


ᠦᠭᠡᠰ ᠦ᠋ᠨ ᠲᠠᠢᠯᠪᠤᠷᠢ᠄
1
᠂ ᠠᠭᠰᠠᠭ᠁ ᠲᠠᠭᠳᠠᠭᠠᠷ ᠪᠠᠭ᠎ᠠ ᠪᠡᠶ᠎ᠡ ᠲᠡᠢ᠂ ᠢᠳᠡᠷᠬᠡᠭ ᠴᠢᠩᠭ᠎ᠠ ᠰᠢᠷᠪᠥᠰᠥᠯᠢᠭ᠃
2
᠂ ᠠᠢᠭ᠎ᠠ᠁ ᠠᠶᠠᠭ᠎ᠠ᠃
3
᠂ ᠠᠷᠠᠭ ᠵᠤᠯᠠ ᠬᠠᠭᠠᠨ᠁ᠠᠯᠲᠠᠨ ᠴᠡᠭᠡᠵᠢ ᠪᠠᠪᠠᠢ ᠶ᠋ᠢᠨ ᠡᠴᠢᠭᠡ ᠶ᠋ᠢᠨ ᠨᠡᠷ᠎ᠡ ᠪᠣᠯᠤᠨ᠎ᠠ᠃


   ᠦᠰᠦᠭ ᠠᠮᠢᠯᠠᠭᠤᠯᠤᠭᠴᠢ ᠄ ᠳ ᠂ ᠨᠠᠷᠠᠰᠤ
   ᠬᠢᠨᠠᠭᠴᠢ ᠄ ᠣᠳᠬᠠᠨᠰᠸ᠎ᠠ ᠂ᠰᠡᠬᠡᠭᠡᠷᠡᠯ 

 

ᠠᠯᠲᠠᠨ ᠴᠡᠭᠡᠵᠢ ᠪᠠᠪᠠᠢ ᠪᠠᠭᠠᠲᠤᠷ ᠦ᠋ᠨ ᠲᠠᠶ᠋ᠢᠯᠤᠮᠵᠢ