ᠮᠥᠩᠬᠡᠷᠡᠬᠦ ᠳᠤᠷᠠᠳᠬᠠᠯ - ᠲ ᠂ ᠭᠣᠮᠪᠣᠵᠠᠪ Мөнхрөх дуртгал - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡᠷᠡᠬᠦ ᠳᠤᠷᠠᠳᠬᠠᠯ - ᠲ ᠂ ᠭᠣᠮᠪᠣᠵᠠᠪ Мөнхрөх дуртгал - Т ᠂ Гомбожав

ᠮᠥᠩᠬᠡᠷᠡᠬᠦ ᠳᠤᠷᠠᠳᠬᠠᠯ - ᠲ ᠂ ᠭᠣᠮᠪᠣᠵᠠᠪ Мөнхрөх дуртгал - Т ᠂ Гомбожав

2023-05-03

229

ᠮᠥᠩᠬᠡᠷᠡᠬᠦ ᠳᠤᠷᠠᠳᠬᠠᠯ


                     ᠲ ᠂  ᠭᠣᠮᠪᠣᠵᠠᠪ  

 ᠬᠥᠮᠦᠨ ᠮᠥᠩᠬᠡᠷᠡᠬᠦ  ᠦᠭᠡᠢ
 ᠬᠥᠮᠦᠨ ᠦ ᠲᠤᠬᠠᠢ ᠳᠤᠷᠠᠳᠬᠠᠯ ᠮᠥᠩᠬᠡᠷᠡᠨ᠎ᠡ ᠭᠡᠳᠡᠭ ᠦᠨᠡᠨ ᠪᠠᠢᠵᠤ ᠰᠢᠦ᠂  ᠡᠪᠦᠭᠡ ᠮᠢᠨᠢ ᠡ

 ᠲᠠ ᠮᠢᠨᠢ ᠬᠡᠳᠦᠢᠨ ᠲᠠᠭᠠᠯᠠᠯ ᠲᠡᠭᠦᠰᠦᠭᠰᠡᠨ ᠪᠢᠯᠡ 
 ᠲᠠᠨ ᠢ ᠦᠳᠡᠭᠰᠡᠨ ᠣᠨ ᠵᠢᠯ ᠴᠤ᠌
 ᠳᠠᠰᠣᠷᠠᠨ ᠰᠣᠪᠣᠬᠣ᠌ ᠮᠠᠨᠢ ᠶ᠋ᠢᠨ ᠡᠷᠢᠬᠡ ᠰᠢᠭ᠌
 ᠮᠢᠨᠦ ᠰᠡᠳᠬᠢᠯ᠎ ᠎ᠡᠴᠡ ᠠᠷᠪᠠᠨ ᠲᠠᠪᠤ ᠤᠨᠠᠴᠢᠬᠠᠭᠰᠠᠨ ᠰᠢᠦ 

 ᠡᠳᠦᠷ ᠬᠤᠨᠤᠭ ᠭᠡᠭᠴᠢ
 ᠥᠩᠭᠡᠲᠦ ᠶᠢᠷᠲᠢᠨᠴᠦ᠎ ᠶ᠋ᠢᠨ ᠱᠦᠭᠦᠷ ᠪᠢᠯᠡ 
 ᠥᠨᠦ᠎ ᠶ᠋ᠢᠨ ᠢᠶᠡᠨ ᠥᠩᠭᠡᠷᠡᠭᠰᠡᠨ ᠤᠷᠤᠭᠤ 
 ᠡᠳᠦᠷ ᠪᠣᠯᠭᠠᠨ ᠱᠦᠭᠦᠷᠳᠡᠳᠡᠭ ᠪᠢᠯᠡ 

 ᠡᠪᠦᠭᠡ ᠮᠢᠨᠢ ᠡ 
 ᠭᠠᠭᠴᠠ ᠬᠦ ᠲᠠᠨ ᠤ ᠳᠤᠬᠠᠢ ᠳᠤᠷᠠᠳᠬᠠᠯ ᠯᠠ
 ᠭᠠᠵᠠᠷ᠎ ᠤᠨ ᠠᠮᠢᠳᠤ ᠬᠠᠳᠠᠭᠠᠰᠤ ᠰᠢᠭ᠋ ᠲᠦᠮᠡᠨ ᠦᠯᠢᠭᠡᠷ ᠳᠣᠪᠴᠢᠯᠠᠵᠤ
 ᠡᠪᠬᠡᠨ ᠬᠤᠷᠢᠶᠠᠬᠤ ᠱᠦᠭᠦᠷ ᠤᠨ ᠦᠵᠦᠭᠦᠷ᠎ ᠲᠤ ᠵᠤᠯᠭᠠᠷᠠᠭ᠎ᠠ ᠦᠭᠡᠢ
 ᠡᠷᠭᠢᠴᠡᠭᠦᠯᠦᠨ ᠰᠠᠨᠠᠬᠤ ᠮᠢᠨᠦ ᠳᠡᠯᠡᠬᠡᠢ᠎ ᠳ᠋ᠤ᠌
 ᠤᠯᠠᠮ ᠤᠯᠠᠮ ᠦᠨᠳᠦᠷ ᠪᠣᠯᠵᠤ ᠤᠷᠭᠤᠭᠰᠠᠨ ᠶᠤᠮ ᠰᠢᠦ

 ᠲᠡᠢᠮᠦ ᠰᠢᠦ ᠂   ᠡᠪᠦᠭᠡ ᠮᠢᠨᠢ ᠡ 
 ᠲᠡᠭᠷᠢ ᠮᠢᠨᠢ ᠴᠢᠨᠦ ᠲᠠᠯᠪᠢᠭᠤᠨ ᠰᠡᠳᠬᠢᠯ ᠰᠢᠭ᠌ ᠴᠡᠩᠬᠡᠷᠯᠡᠨ᠎ᠡ ᠪᠣᠯᠬᠣᠷ 
 ᠲᠡᠷᠲᠡᠭᠡ ᠬᠣᠯᠠᠬᠢ ᠠᠭᠤᠯᠠᠰ ᠮᠢᠨᠢ
 ᠴᠢᠨᠦ ᠳᠤᠭᠤᠢᠬᠠᠨ ᠪᠠᠷ᠎ᠠ ᠰᠢᠭ᠋ ᠬᠠᠷᠠᠭᠳᠠᠨ᠎ᠠ ᠪᠣᠯᠬᠣᠷ 
 ᠳᠦᠰᠢᠵᠦ ᠶᠠᠪᠤᠬᠤ ᠡᠨᠡ ᠭᠠᠵᠠᠷ ᠰᠢᠷᠤᠢ 
 ᠲᠦᠮᠡᠨ ᠳ᠋ᠡᠭᠡᠨ ᠡᠭᠡᠯᠢᠲᠡᠢ ᠡᠪᠦᠭᠡ ᠲᠠᠨ ᠤ ᠮᠢᠨᠢ 
 ᠬᠦᠳᠡᠭᠡ ᠪᠣᠷᠣᠭᠵᠢᠭᠤᠨ ᠠᠷᠠᠨᠰᠢᠨ ᠠᠳᠠᠯᠢ ᠰᠠᠨᠠᠭᠳᠠᠨ᠎ᠠ ᠪᠣᠯᠬᠣᠷ 
 ᠮᠢᠨᠦ ᠪᠣᠳᠣᠯ᠎ ᠠ᠋ᠴᠠ ᠲᠠᠨ ᠤ ᠳᠤᠬᠠᠢ ᠳᠤᠷᠠᠳᠬᠠᠯ ᠭᠡᠷᠬᠢᠨ ᠪᠠᠯᠠᠷᠠᠬᠤ ᠪᠢᠯᠡ? 

 ᠪᠤᠴᠠᠨ ᠰᠠᠨᠠᠬᠤ ᠵᠡᠭᠦᠳᠦᠨ ᠎ ᠳ᠋ᠤ᠌ ᠮᠢᠨᠢ ᠲᠠ ᠦᠷᠭᠦᠯᠵᠢ ᠬᠠᠷᠠᠭᠳᠠᠨ᠎ᠠ
 ᠪᠤᠭᠤᠷᠤᠯ ᠴᠠᠭᠠᠨ ᠰᠠᠨᠴᠢᠭ᠋᠎ ᠤᠨ ᠴᠢᠨᠢ ᠦᠰᠦ
 ᠪᠣᠳᠣᠯ ᠳᠦᠭᠦᠷᠡᠩ ᠨᠠᠮᠢᠷᠠᠵᠤ
 ᠪᠣᠰᠤᠭ᠎ᠠ  ᠬᠠᠳᠠᠨ ᠤ ᠠᠩ ᠰᠢᠭ᠋ ᠮᠠᠩᠨᠠᠢ᠎ ᠶ᠋ᠢᠨ ᠴᠢᠷᠠᠢ ᠠᠲᠤᠷᠢᠶᠠᠳ
 ᠪᠣᠷᠣᠭ᠎ᠠ ᠰᠠᠯᠬᠢᠨ ᠤ ᠦᠯᠢᠭᠡᠷ ᠰᠢᠪᠡᠨᠡᠨ
 ᠠᠯᠲᠠᠩᠬᠠᠨ ᠪᠡᠶ᠎ᠡ᠎ ᠶ᠋ᠢᠨ ᠴᠢᠨᠢ
 ᠠᠨᠵᠢᠰᠤᠨ ᠪᠦᠬᠦ ᠰᠢᠭ᠌ ᠪᠦᠭᠳᠦᠷᠬᠡᠨ ᠪᠠᠷ᠎ᠠ
 ᠠᠯᠤᠰ ᠬᠤᠯᠠ᠎ ᠶ᠋ᠢᠨ ᠳᠤᠷᠠᠳᠬᠠᠯ ᠤᠷᠤᠭᠤ
 ᠨᠠᠮᠠᠶ᠋ᠢ ᠬᠦᠲᠦᠯᠦᠭᠡᠳ ᠪᠠᠢᠨ᠎ᠠ ᠡ !

 ᠨᠠᠳᠠ ᠳ᠋ᠠᠭᠠᠨ ᠪᠣᠯ ᠲᠠ ᠮᠢᠨᠢ ᠪᠦᠳᠦᠭᠦᠨ ᠮᠤᠳᠤ ᠪᠢᠯᠡ 
 ᠨᠠᠷᠠᠨ ᠦ ᠭᠡᠷᠡᠯ ᠰᠢᠷᠭᠤᠬᠤ ᠵᠠᠢ ᠦᠭᠡᠢ
 ᠨᠠᠪᠴᠢᠰ ᠵᠤᠵᠠᠭᠠᠨ ᠥᠮᠥᠭ ᠪᠢᠯᠡ
 ᠨᠠᠮᠤᠷ ᠡᠪᠦᠯ᠎ ᠤᠨ ᠵᠢᠬᠡᠭᠦᠨ ᠲᠡᠭᠷᠢ ᠦᠵᠡᠭᠦᠯᠬᠦ ᠦᠭᠡᠢ ᠭᠡᠵᠦ 
 ᠨᠠᠮᠠᠭ᠎ᠠ᠎ ᠪᠠᠨ ᠳᠡᠯᠭᠡᠭᠰᠡᠨ ᠰᠢᠭᠦᠷᠡᠳᠡᠭ ᠪᠢᠯᠡ 
 ᠦᠷ᠎ᠡ᠎ ᠶ᠋ᠢᠨ ᠴᠢᠨᠢ ᠦᠷ᠎ᠡ ᠪᠣᠯᠵᠣ᠌
 ᠥᠭᠡᠳᠡ ᠲᠠᠢ ᠭᠡᠷ᠎ ᠤᠨ ᠴᠢᠨᠢ ᠴᠤᠩᠬᠤ᠎ ᠶ᠋ᠢ ᠪᠢ ᠲᠣᠭᠰᠢᠬᠤ᠎ ᠳ᠋ᠤ᠌
 ᠡᠪᠦᠭᠡ ᠮᠢᠨᠢ ᠲᠠ ᠶᠠᠭᠠᠬᠢᠨ ᠪᠠᠶᠠᠷᠯᠠᠭᠰᠠᠨ ᠠᠵᠢ 



 ᠡᠪᠦᠯ ᠦᠨ ᠬᠦᠢᠲᠡᠨ ᠰᠠᠯᠬᠢ 
 ᠥᠷᠥᠭᠡ ᠶ᠋ᠢ ᠮᠢᠨᠢ ᠴᠠᠷᠴᠠᠭᠠᠮᠠᠷ ᠴᠠᠷᠴᠠᠭᠠᠮᠠᠷ᠂ ᠲᠠᠨ  ᠳ᠋ᠤ᠌ ᠰᠠᠨᠠᠭᠳᠠᠵᠤ
 ᠦᠷ᠎ᠡ ᠶ᠋ᠢᠨ ᠢᠶᠡᠨ ᠲᠥᠯᠦᠭᠡ  ᠡᠨᠡ ᠭᠡᠷ ᠢᠶᠡᠨ ᠳᠤᠯᠠᠭᠠᠯᠠᠬᠤ ᠭᠡᠵᠦ
 ᠦᠷ ᠦᠨ ᠴᠠᠢᠪᠤᠷ ᠭᠡᠭᠡ ᠪᠡᠷ
 ᠡᠮᠦᠨ᠎ᠡ ᠠᠭᠤᠯᠠ ᠶ᠋ᠢᠨ ᠬᠣᠷᠮᠣᠢ ᠠ᠋ᠴᠠ ᠲᠦᠯᠡᠭᠡ  ᠡᠭᠦᠷᠦᠭᠰᠡᠭᠡᠷ ᠢᠷᠡᠨ᠎ᠡ ᠭᠡᠳᠡᠭ 
 ᠡᠪᠦᠭᠡ ᠮᠢᠨᠢ ᠡ !  ᠡᠪᠦᠭᠡ ᠮᠢᠨᠢ 
 ᠦᠷ᠎ᠡ ᠪᠡᠨ ᠭᠡᠰᠡᠨ ᠲᠠᠨ ᠤ ᠰᠡᠳᠬᠢᠯ
 ᠡᠪᠦᠯ ᠦᠭᠡᠢ ᠳᠤᠯᠠᠭᠠᠨ ᠲᠡᠭᠷᠢ ᠪᠠᠢᠵᠤ ᠪᠢᠯᠡ 

 ᠬᠥᠭᠡᠷᠦᠬᠦᠢ ᠣᠮᠪᠣᠯ᠎ ᠢᠶᠠᠨ ᠲᠠ ᠮᠢᠨᠢ
 ᠬᠥᠮᠦᠨ ᠦ ᠵᠡᠷᠭᠡ ᠲᠠᠢ ᠶᠠᠪᠤᠭᠤᠯᠬᠤ ᠰᠠᠨ ᠭᠡᠵᠦ ᠶᠠᠮᠠᠷᠬᠠᠨ ᠴᠢᠩᠭ᠎ᠠ ᠬᠦᠰᠡᠵᠦ ᠪᠠᠢᠭ᠍ᠰᠠᠨ ᠠᠵᠢ 
 ᠬᠡᠦᠬᠡᠳ ᠤᠨ ᠬᠡᠷᠡᠭᠦᠯ᠎ ᠢᠶᠠᠷ ᠪᠠᠭ᠍ᠰᠢ᠎ ᠪᠠᠨ ᠬᠠᠷᠢᠶᠠᠭᠠᠳ
 ᠬᠦᠮᠦᠨ ᠠᠶᠤᠯᠭᠠᠨ ᠭᠡᠷ ᠲᠡᠭᠡᠨ ᠪᠤᠴᠠᠬᠤ᠎ ᠳ᠋ᠤ᠌
 ᠬᠦᠮᠦᠰᠭᠡ ᠴᠢᠨᠢ ᠠᠩᠬ᠎ᠠ ᠤᠳᠠᠭ᠎ᠠ ᠠᠭᠤᠯᠠ ᠰᠢᠭ᠋ ᠵᠠᠩᠭᠢᠷᠠᠭᠰᠠᠨ ᠪᠢᠯᠡ 
 ᠬᠦᠢᠲᠡᠨ ᠡᠪᠦᠯ ᠤᠨ ᠲᠡᠭᠷᠢ ᠰᠢᠭ᠌ ᠲᠠᠨ ᠤ ᠴᠢᠷᠠᠢ ᠪᠠᠷᠤᠢᠨ 
 ᠬᠦᠴᠦᠲᠡᠢ ᠬᠦᠴᠦᠲᠡᠢ ᠠᠯᠠᠭᠠᠳᠠᠨ ᠲᠠᠭᠤᠭᠰᠠᠭᠠᠷ ᠨᠠᠮᠠᠶ᠋ᠢ᠎ ᠪᠠᠨ ᠰᠤᠷᠭᠠᠭᠤᠯᠢ᠎ ᠳ᠋ᠤ᠌ ᠬᠦᠷᠭᠡᠭᠰᠡᠨ ᠪᠢᠯᠡ
 ᠡᠪᠦᠭᠡ ᠮᠢᠨᠢ 
 ᠠᠯᠠᠭᠠᠨ ᠤ ᠴᠢᠨᠢ ᠲᠡᠷᠡ ᠳᠤᠰᠤᠯᠲᠠ ᠶᠠᠭᠠᠬᠢᠭ᠍ᠰᠠᠨ ᠬᠦᠨᠳᠦ᠎ ᠶ᠋ᠢ ᠮᠡᠳᠡᠬᠦ ᠦᠭᠡᠢ
 ᠠᠢᠯ ᠭᠡᠷ᠎ ᠤᠨ ᠢᠶᠠᠨ ᠨᠢᠷᠤᠭᠤ ᠰᠢᠭ᠋
 ᠡᠨᠡ ᠪᠡᠶ᠎ᠡ ᠥᠰᠴᠦ
 ᠠᠮᠠᠷᠠᠭ ᠰᠠᠢᠬᠠᠨ ᠭᠡᠷ ᠦᠷ᠎ᠡ ᠲᠠᠢ
 ᠠᠪᠤ ᠪᠣᠯᠣᠭᠰᠠᠨ ᠦᠨᠦᠳᠦᠷ ᠴᠤ᠌
 ᠠᠷᠤ᠎ ᠠ᠋ᠴᠠ ᠳᠠᠯᠠᠢᠭ᠍ᠰᠠᠨ ᠲᠠᠨ ᠤ ᠲᠤᠮᠤ ᠠᠯᠠᠭ᠎ᠠ ᠪᠠᠭᠤᠭᠠᠳ ᠢᠷᠡᠮᠡᠷ ᠰᠠᠨᠠᠭᠳᠠᠵᠤ
 ᠠᠵᠢᠯ ᠰᠤᠷᠤᠯᠭ᠎ᠠ ᠬᠣᠶᠠᠷ ᠤᠷᠤᠭᠤ
 ᠨᠠᠮᠠᠶ᠋ᠢ ᠲᠠᠭᠤᠭᠰᠠᠭᠠᠷ ᠪᠠᠢᠨ᠎ᠠ ᠡ!
 ᠭᠥᠭᠰᠢᠨ ᠪᠤᠭᠤᠷᠤᠯ ᠪᠣᠯᠣᠭᠰᠠᠨ ᠬᠦᠮᠦᠨ
 ᠬᠦᠨᠳᠦᠯᠡᠯ ᠡᠳ᠋ᠯᠡᠨ᠎ᠡ ᠭᠡᠬᠦ᠎ ᠳ᠋ᠤ᠌
 ᠬᠦᠭᠡᠷᠦᠬᠦᠢ ᠮᠢᠨᠦ ᠡᠪᠦᠭᠡ ᠲᠠ ᠮᠢᠨᠢ
 ᠬᠦᠢᠲᠡᠨ ᠰᠡᠭᠦᠷᠡᠰᠦ ᠵᠠᠯᠭᠢᠵᠤ ᠶᠠᠪᠤᠭᠰᠠᠨ ᠰᠢᠦ

 ᠰᠠᠢᠨ᠎ᠢ ᠨᠢ ᠦᠵᠡᠵᠦ ᠰᠠᠭᠤᠨ᠎ᠠ ᠳᠠ ᠭᠡᠵᠦ
 ᠰᠠᠨᠠᠵᠤ ᠶᠠᠪᠤᠭᠰᠠᠨ ᠦᠷ᠎ᠡ᠎ ᠶ᠋ᠢ ᠴᠢᠨᠢ
 ᠰᠠᠮᠠᠭᠤᠷᠠᠯ ᠪᠠᠴᠢᠯᠠᠵᠤ
 ᠲᠡᠩᠭᠡᠭᠡ᠎ ᠪᠡᠨ ᠪᠠᠷᠠᠭᠰᠠᠨ ᠡᠪᠦᠭᠡ ᠲᠠᠨ ᠢ ᠮᠢᠨᠢ
 ᠲᠡᠭᠷᠢ ᠰᠢᠭ᠌᠎ ᠢᠶᠠᠨ ᠳᠠᠬᠢᠵᠤ ᠶᠠᠪᠤᠬᠤ ᠬᠦᠦ᠎ ᠶ᠋ᠢ ᠴᠢᠨᠢ ᠭᠢᠨᠳᠠᠨ ᠣᠨᠢᠰᠤᠯᠠᠵᠤ
 ᠤᠷᠤᠭᠤ ᠳᠠᠭᠠᠷᠢᠭ᠍ᠰᠠᠨ ᠭᠡᠷ᠎ ᠤᠨ ᠮᠢᠨᠢ ᠣᠷᠣᠢ᠎ ᠳ᠋ᠤ᠌
 ᠤᠷᠠᠩᠬᠠᠢ ᠴᠠᠭᠠᠨ ᠲᠤᠭ ᠬᠠᠳᠬᠤᠭᠰᠠᠨ ᠪᠢᠯᠡ 

 ᠲᠡᠭᠡᠬᠦ᠎ ᠳ᠋ᠤ᠌᠂  ᠡᠪᠦᠭᠡ ᠲᠠ ᠮᠢᠨᠢ
 ᠲᠡᠷᠢᠭᠦᠨ᠎ ᠢᠶᠠᠨ ᠡᠷᠭᠦᠵᠦ ᠴᠢᠳᠠᠮ᠎ᠠ ᠦᠭᠡᠢ
 ᠭᠠᠯ ᠨᠢ ᠤᠨᠲᠠᠷᠠᠭᠰᠠᠨ ᠬᠣᠪᠣᠩ᠎ ᠤᠨ ᠳᠡᠷᠭᠡᠳᠡ
 ᠭᠠᠩᠰᠠ᠎ ᠪᠠᠨ ᠪᠠᠷᠢᠨ ᠰᠠᠭᠤᠴᠢᠭᠠᠳ ᠰᠡᠳᠬᠢᠯ᠎ ᠢ ᠮᠢᠨᠢ ᠴᠠᠷᠴᠠᠲᠠᠯ᠎ᠠ
 ᠰᠡᠷᠭᠦᠯᠡᠩ ᠡᠨᠡ ᠬᠣᠷᠸ᠎ᠠ᠎ ᠶ᠋ᠢᠨ ᠠᠭᠠᠷ ᠠᠮᠢᠰᠬᠤᠯ᠎ ᠢ ᠴᠠᠷᠴᠠᠲᠠᠯ᠎ᠠ
 ᠰᠡᠭᠦᠷᠡᠰᠦᠯᠡᠨ ᠰᠡᠭᠦᠷᠡᠰᠦᠯᠡᠭᠰᠡᠭᠡᠷ ᠰᠠᠯᠵᠤ ᠤᠳᠤᠭᠰᠠᠨ ᠪᠢᠯᠡ ᠡ ᠁

 ᠡᠪᠦᠭᠡ ᠮᠢᠨᠢ ᠡ ᠂  ᠡᠪᠦᠭᠡ ᠮᠢᠨᠢ
 ᠡᠳᠯᠡᠯᠯᠲᠡᠢ ᠪᠠᠢᠭ᠍ᠰᠠᠨ ᠵᠢᠷᠭᠠᠯ᠎ ᠢ ᠴᠢᠨᠢ ᠡᠳ᠋ᠯᠡᠭᠦᠯᠦᠭᠡ ᠦᠭᠡᠢ
 ᠡᠴᠦᠰ ᠪᠣᠯᠬᠤ ᠥᠲᠡᠯᠦᠭᠡ ᠲᠠᠨ ᠤ ᠮᠢᠨᠢ ᠰᠡᠳᠬᠢᠯ᠎ ᠢ
 ᠡᠷᠢᠶᠡᠨ ᠬᠣᠷᠸ᠎ᠠ᠎ ᠶ᠋ᠢᠨ ᠬᠦᠢᠲᠡᠨ ᠮᠦᠰᠦ᠎ ᠪᠠᠷ ᠳᠠᠷᠣᠭᠰᠠᠨ
 ᠲᠡᠷᠡ ᠡᠪᠦᠯ ᠣᠳᠣ᠌ ᠨᠢᠭᠡᠨᠲᠡ ᠥᠩᠭᠡᠷᠡᠭᠰᠡᠨ ᠰᠢᠦ
 ᠲᠡᠭᠷᠢ ᠳᠤᠯᠠᠭᠠᠷᠠᠵᠤ᠂
 ᠲᠡᠨᠢᠭᠡᠷ ᠭᠣᠸ᠎ᠠ ᠨᠤᠲᠤᠭ᠎ ᠲᠤ ᠮᠢᠨᠢ ᠬᠠᠪᠤᠷ ᠲᠠᠬᠢᠭᠠᠳ ᠢᠷᠡᠭᠰᠡᠨ ᠰᠢᠦ
 ᠲᠡᠨᠡᠭ ᠭᠡᠨᠡᠨ ᠦᠷ᠎ᠡ ᠬᠡᠦᠬᠡᠳ ᠴᠢᠨᠢ ᠰᠢᠦ
 ᠲᠡᠦᠬᠡ᠎ ᠶ᠋ᠢᠨ ᠨᠢᠳᠦ᠎ ᠪᠠᠷ ᠤᠬᠠᠭᠠᠵᠢᠨ
 ᠳᠡᠳᠬᠦᠵᠦ ᠰᠠᠨᠠᠬᠤ ᠡᠬᠡ ᠣᠷᠣᠨ ᠤ ᠪᠠᠨ
 ᠲᠡᠮᠡᠭᠡ ᠨᠢ ᠰᠢᠭ᠌ ᠪᠠᠷᠳᠠᠮᠬᠠᠨ ᠠᠯᠬᠤᠬᠤ ᠪᠣᠯᠣᠭᠰᠠᠨ ᠰᠢᠦ
 ᠭᠡᠲᠡᠯ᠎ᠡ 
 ᠡᠨᠡ ᠪᠦᠬᠦᠨ᠎ ᠢ ᠦᠵᠡᠬᠦ ᠰᠠᠨ ᠭᠡᠵᠦ
 ᠡᠷᠡᠭᠦᠯ᠎ ᠤᠨ ᠬᠣᠲᠣᠭ ᠬᠦᠰᠡᠵᠦ ᠶᠠᠪᠤᠭᠰᠠᠨ ᠡᠪᠦᠭᠡ ᠲᠠ ᠮᠢᠨᠢ ᠬᠠᠷᠢᠨ
 ᠡᠪᠬᠡᠵᠦ ᠪᠠᠷᠠᠬᠤ ᠦᠭᠡᠢ ᠳᠤᠷᠠᠳᠬᠠᠯ
 ᠡᠭᠰᠢᠵᠦ ᠴᠢᠳᠠᠬᠤ ᠦᠭᠡᠢ ᠬᠠᠷᠠᠮᠰᠠᠯ᠎ᠤᠨ 
 ᠡᠭᠦᠷᠢᠳᠠ ᠬᠣᠭᠣᠰᠣᠨ ᠣᠷᠣ᠌ ᠣᠷᠬᠢᠨ
 ᠡᠬᠡ ᠳᠡᠯᠡᠬᠡᠢ᠎ ᠶ᠋ᠢᠨ ᠢᠶᠡᠨ ᠠᠷᠤ ᠴᠠᠭᠠᠭᠤᠷ
 ᠡᠷᠭᠢᠰᠢ ᠦᠭᠡᠢ ᠬᠣᠯᠠᠳᠠᠯ᠎ᠠ ᠪᠢᠯᠡ ᠁ 

 ᠳᠤᠷᠠᠳᠬᠠᠯ ᠴᠢᠨᠢ ᠯᠠ
 ᠳᠠᠭᠤᠤ ᠪᠠ ᠰᠢᠯᠦᠭ᠎ ᠤᠨ ᠮᠢᠨᠢ ᠬᠣᠶᠠᠷ ᠳᠠᠯᠠᠪᠴᠢ
 ᠳᠤᠷᠠᠲᠠᠢ ᠦᠢᠯᠡᠰ᠎ ᠢ ᠴᠢᠨᠢ ᠪᠦᠲᠦᠭᠡᠵᠦ ᠶᠠᠪᠤᠬᠤ᠎ ᠶ᠋ᠢᠨ ᠳᠠᠭᠤᠳᠠᠯᠭ᠎ᠠ  ᠪᠣᠯᠵᠤ
 ᠡᠬᠡ ᠣᠷᠣᠨ ᠳ᠋ᠠᠭᠠᠨ ᠭᠡᠬᠦ ᠲᠦᠮᠡᠨ ᠠᠵᠢᠯ ᠤᠷᠤᠭᠤ  ᠨᠠᠮᠠᠶ᠋ᠢ ᠬᠡᠢᠷᠬᠡᠭᠦᠯᠵᠦ
 ᠡᠨᠡ ᠠᠮᠢᠳᠤ ᠨᠠᠰᠤᠨ᠎ ᠦ ᠰᠠᠢᠨ ᠰᠠᠢᠬᠠᠨ ᠬᠦᠰᠡᠯ᠎ ᠤᠨ ᠮᠢᠨᠢ
 ᠡᠯᠢᠭᠡ ᠵᠢᠷᠦᠬᠡ ᠪᠣᠯᠣᠨ ᠴᠣᠬᠢᠯᠵᠤ ᠪᠠᠢᠨ᠎ᠠ ᠡ!

 ᠡᠪᠦᠭᠡ ᠮᠢᠨᠢ ᠡ 
 ᠬᠥᠮᠦᠨ ᠮᠥᠩᠬᠡᠷᠡᠬᠦ ᠦᠭᠡᠢ
 ᠬᠥᠮᠦᠨ ᠦ ᠲᠤᠬᠠᠢ ᠳᠤᠷᠠᠳᠬᠠᠯ  ᠮᠥᠩᠬᠡᠷᠡᠨ᠎ᠡ ᠭᠡᠳᠡᠭ
       ᠦᠨᠡᠨ ᠪᠠᠢᠨ᠎ᠠ ᠰᠢᠦ ᠦᠨᠡᠨ ᠪᠠᠢᠨ᠎ᠠ ᠡ ! 

          1987᠂ 5  

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃