ᠠᠮᠤᠭᠤᠯᠠᠩ ᠰᠠᠶ᠋ᠢᠬᠠᠨ ᠣᠷᠣᠨ ( ᠣᠷᠱᠤᠨ ᠭᠣᠣᠯ ) - ᠦᠭᠡ ᠄ ᠪᠠ‍ · ᠪᠠᠲᠦᠬᠦᠦ ᠂ ᠠᠶ᠎ᠠ ᠄ ᠪᠦᠷᠢᠨᠪᠠᠶᠠᠷ Амгалан сайхан орон ( Оршин гол ) – Үг ᠄ Б · Батхүү ᠂ Ая ᠄ Бүрэнбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠤᠭᠤᠯᠠᠩ ᠰᠠᠶ᠋ᠢᠬᠠᠨ ᠣᠷᠣᠨ ( ᠣᠷᠱᠤᠨ ᠭᠣᠣᠯ ) - ᠦᠭᠡ ᠄ ᠪᠠ‍ · ᠪᠠᠲᠦᠬᠦᠦ ᠂ ᠠᠶ᠎ᠠ ᠄ ᠪᠦᠷᠢᠨᠪᠠᠶᠠᠷ Амгалан сайхан орон ( Оршин гол ) – Үг ᠄ Б · Батхүү ᠂ Ая ᠄ Бүрэнбаяр

ᠠᠮᠤᠭᠤᠯᠠᠩ ᠰᠠᠶ᠋ᠢᠬᠠᠨ ᠣᠷᠣᠨ ( ᠣᠷᠱᠤᠨ ᠭᠣᠣᠯ ) - ᠦᠭᠡ ᠄ ᠪᠠ‍ · ᠪᠠᠲᠦᠬᠦᠦ ᠂ ᠠᠶ᠎ᠠ ᠄ ᠪᠦᠷᠢᠨᠪᠠᠶᠠᠷ Амгалан сайхан орон ( Оршин гол ) – Үг ᠄ Б · Батхүү ᠂ Ая ᠄ Бүрэнбаяр

ᠠᠩᠭᠢᠯᠠᠯ:ᠳᠠᠭᠤᠤ ᠬᠥᠭᠵᠢᠮ
2023-05-02

355

ᠠᠮᠤᠭᠤᠯᠠᠩ ᠰᠠᠶ᠋ᠢᠬᠠᠨ ᠣᠷᠣᠨ


               ᠦᠭᠡ ᠄ ᠪᠠ‍ · ᠪᠠᠲᠦᠬᠦᠦ
                 ᠠᠶ᠎ᠠ ᠄ ᠪᠦᠷᠢᠨᠪᠠᠶᠠᠷ

 ᠠᠯᠲᠠᠨ ᠯᠤᠤ ᠶ᠋ᠢᠨ ᠳᠡᠭᠡᠷ᠎ᠡ
 ᠵᠠᠪᠢᠯᠠᠵᠤ ᠰᠠᠭᠤᠭᠰᠠᠨ ᠲᠣᠮᠣᠭ ᠲᠠᠢ
 ᠠᠮᠤᠭᠤᠯᠠᠩ ᠰᠠᠶ᠋ᠢᠬᠠᠨ ᠣᠷᠣᠨ
 ᠨᠢᠰᠦᠨ ᠲᠡᠭᠦᠯᠢᠬᠦ ᠬᠥᠭᠵᠢᠯ ᠲᠡᠢ ᠃

 ᠷᠠᠰᠢᠶᠠᠨ ᠴᠡᠩᠬᠡᠷ ᠪᠤᠯᠠᠭ ᠨᠢ
 ᠬᠣᠪᠣᠷ ᠵᠠᠰᠠᠯ ᠦ᠋ᠨ ᠤᠨᠲᠤᠷᠤᠯ ᠲᠠᠢ ᠂
 ᠠᠮᠤᠭᠤᠯᠠᠩ ᠰᠠᠶ᠋ᠢᠬᠠᠨ ᠣᠷᠣᠨ
 ᠬᠠᠷᠢ ᠶ᠋ᠢᠨ ᠨᠤᠲᠤᠭ ᠲᠤ ᠮᠠᠭᠲᠠᠯᠲᠠᠢ ᠃
 
 ᠠᠷᠤ ᠶ᠋ᠢᠨ ᠬᠠᠷᠠᠭᠠᠨᠲᠠᠢ ᠬᠠᠶ᠋ᠢᠷᠬᠠᠨ
 ᠠᠷᠠᠳ ᠦ᠋ᠨ ᠳᠠᠭᠤᠨ  ᠳ᠋ᠤ᠌  ᠴᠢᠮᠡᠭ ᠲᠡᠢ ᠂
 ᠠᠮᠤᠭᠤᠯᠠᠩ ᠰᠠᠶ᠋ᠢᠬᠠᠨ ᠣᠷᠣᠨ
 ᠠᠰᠠᠷ ᠲᠠᠭᠲᠤ ᠪᠠᠷ ᠭᠣᠶᠣᠯᠠᠯ ᠲᠠᠢ ᠃

 ᠠᠶ᠋ᠢᠷᠠᠭ ᠲᠠᠷᠠᠭ ᠶ᠋ᠢᠠᠷ  ᠨᠡᠷᠡᠢᠳᠦᠭᠰᠡᠨ
 ᠢᠵᠢᠯ ᠬᠣᠶᠠᠷ ᠨᠠᠭᠤᠷ ᠲᠠᠢ ᠂
 ᠠᠮᠤᠭᠤᠯᠠᠩ ᠰᠠᠶ᠋ᠢᠬᠠᠨ ᠣᠷᠣᠨ
 ᠠᠮᠢᠲᠤᠷᠠᠯ ᠦ᠋ᠨ ᠪᠠᠶᠠᠨ ᠢᠷᠥᠭᠡᠯ ᠲᠡᠢ ᠃

 ᠡᠭᠦᠲᠡ ᠬᠠᠶᠠᠬ᠋᠎ᠠ ᠪᠠᠨ  ᠳᠡᠷᠡᠯᠡᠭᠰᠡᠨ
 ᠦᠨᠲᠦᠰᠦᠲᠡᠨ ᠣᠯᠠᠨ ᠬᠦᠷᠰᠢ ᠲᠡᠢ
 ᠠᠮᠤᠭᠤᠯᠠᠩ ᠰᠠᠶ᠋ᠢᠬᠠᠨ ᠣᠷᠣᠨ
 ᠠᠰᠢᠲᠠ ᠬᠠᠮᠲᠤ ᠶ᠋ᠢᠨ ᠬᠦᠰᠡᠯᠡᠩ ᠲᠡᠢ ᠃


ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠤᠷᠠᠨᠴᠡᠴᠡᠭ
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 5 ᠰᠠᠷ᠎ᠠ ᠶ᠋ᠢᠨ 1  ᠤ ᠡᠲᠦᠷ