ᠡᠪᠡᠢ ᠬᠦᠦ ᠮᠢᠨᠢ ( ᠣᠷᠱᠤᠨ ᠭᠣᠣᠯ ) - ᠦᠭᠡ ᠄ ᠠ‍ ᠂ ᠤᠷᠲᠤᠨᠠᠰᠤᠨ ᠂ ᠠᠶ᠎ᠠ ᠄ ᠠᠯᠲᠠᠨᠭᠡᠷᠡᠯ Эвий хүү минь ( Оршин гол ) – Үг ᠄ А · Уртнасан ᠂ Ая ᠄ Алтангэрэл ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠪᠡᠢ ᠬᠦᠦ ᠮᠢᠨᠢ ( ᠣᠷᠱᠤᠨ ᠭᠣᠣᠯ ) - ᠦᠭᠡ ᠄ ᠠ‍ ᠂ ᠤᠷᠲᠤᠨᠠᠰᠤᠨ ᠂ ᠠᠶ᠎ᠠ ᠄ ᠠᠯᠲᠠᠨᠭᠡᠷᠡᠯ Эвий хүү минь ( Оршин гол ) – Үг ᠄ А · Уртнасан ᠂ Ая ᠄ Алтангэрэл

ᠡᠪᠡᠢ ᠬᠦᠦ ᠮᠢᠨᠢ ( ᠣᠷᠱᠤᠨ ᠭᠣᠣᠯ ) - ᠦᠭᠡ ᠄ ᠠ‍ ᠂ ᠤᠷᠲᠤᠨᠠᠰᠤᠨ ᠂ ᠠᠶ᠎ᠠ ᠄ ᠠᠯᠲᠠᠨᠭᠡᠷᠡᠯ Эвий хүү минь ( Оршин гол ) – Үг ᠄ А · Уртнасан ᠂ Ая ᠄ Алтангэрэл

ᠠᠩᠭᠢᠯᠠᠯ:ᠳᠠᠭᠤᠤ ᠬᠥᠭᠵᠢᠮ
2023-05-02

240

ᠡᠪᠡᠢ ᠬᠦᠦ ᠮᠢᠨᠢ


              ᠦᠭᠡ ᠄ ᠠ‍ ᠂ ᠤᠷᠲᠤᠨᠠᠰᠤᠨ    
                 ᠠᠶ᠎ᠠ ᠄ ᠠᠯᠲᠠᠨᠭᠡᠷᠡᠯ  

 ᠡᠩᠬᠡ ᠶ᠋ᠢᠨ ᠳᠠᠭᠤᠤ ᠪᠠᠷ ᠶ᠋ᠢᠠᠨ 
 ᠬᠠᠶ᠋ᠢᠷ᠎ᠠ ᠶ᠋ᠢ ᠴᠠᠯᠭᠢᠭᠤᠯᠤᠭᠰᠠᠨ  
 ᠡᠷ᠎ᠡ ᠶ᠋ᠢᠨ ᠵᠠᠪᠠᠢ ᠪᠠᠷ ᠶ᠋ᠢᠠᠨ ᠰᠡᠤᠠᠬᠢᠯ ᠊ᠢ ᠲᠤᠷᠨᠢᠭᠤᠯᠤᠭᠰᠨ 
 ᠡᠪᠠᠢ ᠬᠦᠦ ᠮᠢᠨᠢ ᠂  
 ᠡᠵᠢ ᠳᠡᠯᠡᠬᠡᠢ ᠴᠢᠨᠢ ᠡᠪᠦᠷ ᠶ᠋ᠢᠡᠨ ᠳᠡᠯᠭᠡᠭᠡᠳ 
 ᠡᠩᠬᠦᠷᠡᠢ ᠴᠢᠮ᠎ᠠ ᠪᠠᠨ ᠲᠣᠰᠣᠨ ᠪᠠᠶ᠋ᠢᠨ᠎ᠠ ᠃ 

 ᠡᠷᠬᠡ ᠵᠢᠷᠭᠠᠯ ᠶ᠋ᠢᠠᠷ ᠲᠣᠷᠨᠢᠭᠤᠨ ᠪᠤᠶ᠋ᠢᠵᠢᠭᠤᠨ
 ᠡᠷᠲᠡᠮ ᠰᠣᠶᠣᠯ ᠶ᠋ᠢᠠᠷ ᠳᠣᠪᠤᠶ᠋ᠢᠨ ᠰᠢᠯᠭᠠᠷᠠᠭᠠᠳ 
 ᠡᠪᠡᠢ ᠬᠦᠦ ᠮᠢᠨᠢ
 ᠡᠭᠡᠯᠢᠲᠦ ᠨᠠᠷᠠ ᠴᠢᠨᠢ ᠭᠡᠷᠡᠯ ᠶ᠋ᠢᠡᠨ ᠳᠡᠭᠡᠵᠢᠯᠡᠭᠡᠳ
 ᠡᠩᠬᠦᠷᠡᠢ ᠴᠢᠮ᠎ᠠ ᠪᠠᠨ ᠤᠭᠲᠤᠨ ᠪᠠᠶ᠋ᠢᠨ᠎ᠠ ᠃ 

 ᠠᠭᠤᠲᠠᠮ ᠣᠷᠣᠨ ᠳ᠋ᠠᠭᠠᠨ
 ᠵᠠᠢ ᠪᠠᠨ ᠡᠵᠡᠯᠡᠭᠡᠳ
 ᠤᠯᠤᠰ ᠭᠡᠷ ᠲᠤ ᠪᠡᠨ ᠵᠠᠶᠠᠬ᠋᠎ᠠ ᠪᠠᠨ ᠡᠵᠡᠮᠰᠢᠭᠡᠳ
 ᠡᠪᠡᠢ ᠬᠦᠦ ᠮᠢᠨᠢ
 ᠡᠬᠡ ᠣᠷᠣᠨ ᠴᠢᠨᠢ ᠠᠵᠢᠯ ᠶ᠋ᠢᠡᠨ ᠵᠡᠭᠡᠭᠡᠳ
 ᠬᠥᠭᠡᠷᠦᠬᠦᠢ ᠴᠢᠮ᠎ᠠ ᠪᠠᠨ ᠤᠭᠲᠤᠨ ᠪᠠᠶ᠋ᠢᠨ᠎ᠠ   


ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠮᠢᠭᠮᠡᠷ
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 5 ᠰᠠᠷ᠎ᠠ ᠶ᠋ᠢᠨ 1  ᠤ ᠡᠲᠦᠷ