ᠣᠳᠣ᠌ Од
ᠣᠳᠣ᠌
ᠰᠣᠪᠣᠳ ᠠᠲᠠᠯᠢ ᠣᠲᠣ
ᠰᠦᠨᠢ ᠶ᠋ᠢᠨ ᠲᠡᠭᠷᠢ ᠳ᠋ᠤ᠌ ᠭᠢᠯᠠᠯᠵᠠᠨ᠎ᠠ
ᠰᠣᠶᠣᠯ ᠦ᠋ᠨ ᠭᠡᠷᠡᠯᠲᠣ ᠣᠲᠣ
ᠰᠤᠷᠭᠠᠭᠤᠯᠢ ᠶ᠋ᠢᠨ ᠥᠷᠥᠭᠡᠨ ᠳ᠋ᠤ᠌ ᠭᠢᠯᠠᠯᠵᠠᠨ᠎ᠠ ᠃
ᠪᠢᠴᠢᠭ᠌ ᠲᠦ ᠳᠠᠷᠤᠮᠠᠯᠯᠠᠭᠰᠠᠨ ᠦᠰᠦᠭ ᠦ᠋ᠳ
ᠪᠢᠯᠢᠭ᠌ ᠦ᠋ᠨ ᠲᠡᠭᠷᠢ ᠶ᠋ᠢᠨ ᠣᠲᠣ ᠪᠠᠶ᠋ᠢᠨ᠎ᠠ
ᠪᠠᠭᠰᠢ ᠶ᠋ᠢᠨ ᠵᠢᠭᠠᠭᠰᠠᠨ ᠬᠢᠴᠢᠶᠡᠯ ᠦ᠋ᠳ
ᠪᠠᠯᠠᠷᠠᠰᠢ ᠦᠬᠡᠢ ᠣᠲᠣ ᠪᠠᠶ᠋ᠢᠨ᠎ᠠ ᠃
ᠣᠲᠣ ᠠᠲᠠᠯᠢ ᠰᠣᠶᠣᠯ
ᠣᠷᠴᠢᠯᠠᠩ ᠳᠡᠯᠡᠬᠡᠢ ᠳ᠋ᠤ᠌ ᠭᠡᠷᠡᠯᠲᠣᠨᠡ
ᠣᠨᠠᠭᠠᠨ ᠪᠠᠬ᠋᠎ᠠ ᠨᠠᠰᠤᠨ ᠳ᠋ᠤ᠌ ᠪᠡᠨ
ᠣᠲᠣ ᠲᠡᠬᠦᠵᠦ ᠡᠪᠦᠷᠯᠡᠨ᠎ᠡ ᠃
ᠦᠲᠡᠰᠢ ᠪᠦᠷᠢ ᠭᠡᠷᠡᠯᠳᠦᠳᠡᠭ ᠨᠢ
ᠦᠡᠲᠦᠷ ᠲᠡᠭᠷᠢ ᠶ᠋ᠢᠨ ᠣᠲᠣ ᠪᠢᠯᠡ
ᠦᠷᠦᠴᠡ ᠵᠢᠷᠦᠬᠡᠨ ᠳ᠋ᠤ᠌ ᠭᠡᠷᠡᠯᠲᠦᠳᠡᠭ ᠨᠢ
ᠦᠰᠦᠭ ᠪᠢᠴᠢᠭ᠌ ᠦ᠋ᠨ ᠣᠲᠣ ᠪᠢᠯᠡ ᠃
ᠡᠩᠬᠦᠷᠡᠢ ᠪᠠᠬ᠋᠎ᠠ ᠨᠠᠰᠤᠨ ᠳ᠋ᠤ᠌ ᠪᠠᠨ
ᠡᠷᠲᠡᠮ ᠰᠣᠶᠣᠯ ᠳ᠋ᠤ᠌ ᠰᠢᠮᠲᠠᠪᠠᠯ
ᠡᠷ᠎ᠡ ᠶ᠋ᠢᠨ ᠴᠡᠬᠡᠯ ᠳ᠋ᠤ᠌ ᠬᠦᠷᠬᠦ ᠳ᠋ᠤ᠌ ᠪᠡᠨ
ᠡᠩᠭᠡᠷ ᠲᠦᠬᠦᠷᠡᠩ ᠣᠲᠣ ᠵᠡᠬᠦᠨ᠎ᠡ ᠃
ᠦᠰᠦᠭ ᠠᠮᠢᠯᠠᠭᠣᠯᠣᠭᠴᠢ — ᠣᠯᠠᠭᠠᠨᠬᠡᠷᠡᠯ
ᠬᠢᠨᠠᠭᠴᠢ — ᠴᠢᠮᠡᠭ
