ᠠᠯᠤᠰ - ᠲ ᠂ ᠭᠣᠮᠪᠣᠵᠠᠪ Алс - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠤᠰ - ᠲ ᠂ ᠭᠣᠮᠪᠣᠵᠠᠪ Алс - Т ᠂ Гомбожав

ᠠᠯᠤᠰ - ᠲ ᠂ ᠭᠣᠮᠪᠣᠵᠠᠪ Алс - Т ᠂ Гомбожав

2023-05-02

203

ᠠᠯᠤᠰ ( ᠣᠳᠬᠣᠨ ᠦᠷ᠎ᠡ᠎ ᠶ᠋ᠢᠨ ᠪᠦᠪᠡᠢ )

ᠬᠥᠯ ᠦᠨ ᠴᠢᠮᠡᠭᠡ


 ᠵᠡᠭᠦᠳᠦᠨ ᠳᠡᠭᠡᠷ᠎ᠡ ᠮᠢᠨᠢ ᠱᠠᠭᠠᠵᠠᠭᠠᠢ ᠱᠠᠭᠰᠢᠯ᠎ᠠ 
 ᠵᠦᠩ ᠮᠡᠳᠡᠷᠡᠬᠦᠢ ᠶ᠋ᠢ ᠢᠨᠢᠶᠡᠲᠡᠯ᠎ᠡ ᠭᠡᠳᠡᠭᠡᠯᠡᠵᠦ  
 ᠵᠢᠷᠦᠬᠡ ᠳᠠᠮᠵᠢᠨ ᠬᠥᠯ ᠦ᠋ᠨ ᠴᠢᠮᠡᠭᠡ ᠰᠣᠨᠣᠰᠲᠠᠯ᠎ᠠ 

 ᠡᠵᠢ ᠶ᠋ᠢᠨ ᠴᠢᠨᠢ ᠴᠢᠷᠠᠢ ᠳ᠋ᠤ᠌ ᠢᠨᠢᠶᠡᠳᠦ ᠮᠢᠷᠠᠯᠵᠠᠨ 
 ᠡᠳᠦᠷ ᠬᠣᠨᠣᠭ ᠨᠡᠪᠲᠡᠯᠦᠨ ᠠᠢᠰᠤᠢ 
 ᠡᠩᠬᠦᠷᠡᠢᠬᠡᠨ ᠰᠤᠷᠠᠭ ᠢ᠋ᠶ᠋ᠠᠷ ᠴᠢᠨᠢ 
 ᠡᠯᠳᠡᠪ ᠬᠡᠯᠪᠡᠷᠢ ᠶ᠋ᠢᠨ ᠬᠠᠢᠷ᠎ᠠ  ᠡᠰᠬᠡᠵᠦ 
 ᠡᠯᠢᠭᠡ ᠪᠦᠲᠦᠨ ᠳᠣᠭᠳᠣᠯᠤᠨ᠎ᠠ 

 ᠳᠡᠯᠭᠡᠭᠰᠡᠨ ᠨᠣᠮ ᠤ᠋ᠨ ᠦᠰᠦᠭ ᠪᠦᠷᠢ᠎ ᠡᠴᠡ 
 ᠲᠠᠩᠳᠠ ᠯᠠ ᠨᠢᠯᠬ᠎ᠠ ᠵᠢᠰᠦ ᠴᠤᠬᠤᠯᠵᠠᠵᠤ 
 ᠳᠡᠪᠲᠡᠷ ᠢ᠋ᠶ᠋ᠡᠨ ᠬᠠᠮᠬᠢᠵᠤ ᠴᠢᠳᠠᠬᠤ ᠦᠭᠡᠢ ᠪᠣᠯᠲᠠᠯ᠎ᠠ ᠮᠢᠨᠦ ᠭᠠᠷ ᠵᠥᠭᠡᠯᠡᠷᠡᠨ᠎ᠡ 

 ᠳᠡᠭᠡᠳᠦ ᠶ᠋ᠢᠨ  ᠢᠷᠦᠭᠡᠲᠦ᠎ ᠡᠴᠡ ᠢᠪᠢᠯᠵᠦ ᠢᠷᠡᠬᠦ 
 ᠦᠷ᠎ᠡ ᠴᠢᠨᠦ ᠬᠥᠯ ᠦ᠋ᠨ ᠴᠢᠮᠡᠭᠡ 
 ᠳᠡᠯᠡᠬᠡᠢ ᠨᠠᠳᠠᠳᠤ ᠥᠮᠴᠢᠯᠡᠭᠦᠯᠵᠦ ᠥᠭᠭᠦᠭᠰᠡᠨ 
 ᠳᠡᠭᠡᠵᠢ ᠪᠠᠶᠠᠷ ᠤ᠋ᠨ ᠠᠪᠢᠶ᠎ᠠ 

 ᠡᠳᠦᠷ ᠬᠣᠨᠣᠭ ᠴᠢᠮᠥᠭᠡ ᠨᠢ ᠳᠦᠭᠦᠷᠦᠭᠰᠡᠨ ᠭᠤᠸᠠ ᠶ᠋ᠢᠨ ᠦᠷ᠎ᠡ ᠰᠢᠭ 
 ᠴᠥᠮᠥᠬᠦ ᠲᠤᠲᠤᠮ ᠠᠮᠲᠠᠲᠠᠢ ᠪᠣᠯᠤᠯ᠎ᠠ 
 ᠦᠷᠦ ᠪᠣᠳᠣᠯ ᠰᠠᠷᠠ ᠪᠠᠨ ᠦᠵᠡᠭᠰᠡᠨ ᠠᠷᠪᠠᠨ ᠲᠠᠪᠤᠨ ᠰᠢᠭ᠋ 
 ᠬᠦᠯᠢᠶᠡᠬᠦ ᠲᠤᠲᠤᠮ ᠲᠡᠷᠭᠡᠯᠯᠡᠵᠦ ᠢᠷᠡᠯ᠎ᠡ 

 ᠡᠷᠦᠬᠡ ᠭᠡᠷ ᠮᠢᠨᠢ ᠢᠷᠡᠭᠡᠳᠦᠢ ᠪᠡᠨ ᠲᠠᠨᠢᠭ᠍ᠰᠠᠨ ᠵᠢᠷᠦᠬᠡ ᠰᠢᠭ 
 ᠠᠮᠢᠰᠬᠤᠯ ᠪᠦᠬᠦᠨ ᠢ᠋ᠶ᠋ᠡᠷ ᠢ᠋ᠶ᠋ᠡᠨ ᠳᠣᠭᠳᠣᠯᠵᠤ 
 ᠠᠮᠢᠳᠤᠷᠠᠯ ᠬᠥᠭᠵᠢᠮᠳᠡᠬᠦ ᠢᠨᠢᠶᠡᠳᠦ ᠳᠠᠭᠤᠤ 
 ᠠᠯᠢᠶᠠᠬᠠᠨ ᠰᠤᠷᠠᠭ ᠢ᠋ᠶ᠋ᠠᠷ ᠴᠢᠨᠢ ᠬᠠᠩᠭᠢᠨᠠᠵᠤ ᠡᠬᠢᠯᠡᠯ᠎ᠡ ᠰᠢᠦ 

 ᠬᠦᠦ ᠮᠢᠨᠢ ᠠ᠋᠂ ᠬᠥᠯ ᠦ᠋ᠨ ᠴᠢᠮᠡᠭᠡ ᠰᠣᠨᠣᠰᠲᠠᠯ᠎ᠠ ᠠ᠋ 


  ᠦᠷ᠎ᠡ ᠮᠢᠨᠢ ᠪᠦᠪᠡᠢ 
 ᠥᠴᠥᠭᠡᠳᠦᠷ ᠢ᠋ ᠪᠢ ᠭᠠᠳᠤᠷ᠎ᠠ ᠳ᠋ᠤ᠌ ᠬᠢᠵᠦ ᠦᠩᠭᠦᠴᠡᠯ᠎ᠡ 
 ᠦᠨᠦᠷ᠂  ᠭᠬᠢᠷ ᠢ᠋ ᠨᠢ ᠠᠷᠢᠯᠭᠠᠬᠤ ᠭᠡᠵᠦ ᠤᠬᠢᠶᠠᠯ᠎ᠠ  
 ᠦᠯᠢᠭᠡᠷ ᠢ᠋ ᠨᠢ ᠡᠪᠯᠢᠭ ᠭᠡᠭᠴᠢᠬᠡᠨ ᠬᠠᠪᠤᠵᠤ ᠣᠶᠣᠭᠠᠳ 
 ᠥᠯᠥᠭᠡᠢ ᠳ᠋ᠦ᠍ ᠨᠢ ᠳᠡᠪᠢᠰᠦᠯ᠎ᠡ 
 ᠦᠷ᠎ᠡ ᠮᠢᠨᠢ ᠪᠦᠪᠡᠢ  
       ᠥᠷᠥᠪᠴᠢᠬᠡᠨ ᠨᠢᠯᠬ᠎ᠠ ᠵᠡᠭᠦᠳᠦᠨ ᠳ᠋ᠦ᠍ ᠴᠢᠨᠢ 
       ᠥᠪᠡᠷ ᠦ᠋ᠨ ᠵᠢᠰᠦ ᠪᠡᠨ ᠲᠡᠷᠡ ᠵᠢᠷᠤᠵᠤ ᠥᠭᠬᠦ ᠶᠦ᠍ᠮ ᠠ᠋  
       ᠪᠦᠪᠡᠢ ᠪᠦᠪᠡᠢ  

 ᠦᠷ᠎ᠡ ᠮᠢᠨᠢ ᠪᠦᠪᠡᠢ  
 ᠬᠦᠰᠡᠯ ᠢ᠋ᠶ᠋ᠡᠨ ᠪᠢ ᠮᠥᠬᠥᠯᠢᠭ ᠮᠥᠬᠥᠯᠢᠭ ᠢ᠋ᠶ᠋ᠡᠷ ᠰᠢᠯᠢᠯ᠎ᠡ 
 ᠬᠥᠭᠡᠰᠦ ᠲᠣᠭᠣᠰᠣ ᠳᠠᠭᠠᠭᠤᠯᠬᠤ ᠦᠭᠡᠢ ᠭᠡᠵᠦ ᠴᠡᠭᠴᠡᠯᠡᠯ᠎ᠡ 
 ᠬᠦᠨᠳᠦ ᠠᠭᠤᠯᠭ᠎ᠠ ᠶ᠋ᠢ ᠨᠢ ᠵᠥᠭᠡᠯᠡᠬᠡᠨ ᠭᠡᠭᠴᠢ ᠡᠪᠬᠡᠵᠦ ᠪᠠᠭᠯᠠᠭᠠᠳ 
 ᠳᠡᠷ᠎ᠡ ᠶ᠋ᠢᠨ ᠴᠢᠨᠢ ᠳᠣᠣᠷ᠎ᠠ ᠲᠠᠯᠪᠢᠯ᠎ᠠ 
 ᠦᠷ᠎ᠡ ᠮᠢᠨᠢ ᠪᠦᠪᠡᠢ  
       ᠴᠣᠪᠣᠭᠣᠬᠠᠨ ᠨᠡᠭᠡᠭᠡᠭᠳᠡᠬᠦ ᠤᠬᠠᠭᠠᠨ ᠤ᠋ ᠴᠢᠨᠢ 
       ᠴᠤᠪᠤᠵᠤ ᠭᠠᠷᠬᠤ ᠵᠠᠮ ᠳᠡᠭᠡᠷᠡᠬᠢ  ᠴᠡᠴᠡᠨ ᠬᠠᠷᠠᠭ᠎ᠠ ᠲᠡᠷᠡ ᠪᠢᠯᠡ  
       ᠪᠦᠪᠡᠢ ᠪᠦᠪᠡᠢ  

 ᠦᠷ᠎ᠡ ᠮᠢᠨᠢ ᠪᠦᠪᠡᠢ  
 ᠬᠠᠢᠷ᠎ᠠ ᠪᠠᠨ ᠪᠢ ᠰᠢᠷᠬᠡᠭ ᠰᠢᠷᠬᠡᠭ ᠢ᠋ᠶ᠋ᠡᠷ ᠬᠠᠳᠬᠤᠮᠠᠯᠯᠠᠯ᠎ᠠ 
 ᠬᠠᠳᠬᠤᠬᠤ ᠥᠷᠭᠡᠰᠦ ᠨᠢᠭᠤᠭᠳᠠᠵᠤ ᠴᠢᠳᠠᠬᠤ ᠦᠭᠡᠢ ᠪᠣᠯᠲᠠᠯ᠎ᠠ ᠵᠣᠯᠠᠯ᠎ᠠ 
 ᠬᠠᠯᠠᠭᠤᠨ ᠢᠯᠴᠢ ᠶ᠋ᠢ ᠨᠢ ᠵᠠᠪᠰᠠᠷ ᠦᠭᠡᠢ ᠪᠢᠲᠡᠭᠦᠯᠡᠵᠦ ᠱᠠᠭᠯᠠᠭᠠᠳ 
 ᠳᠡᠭᠡᠷ᠎ᠡ ᠴᠢᠨᠢ ᠬᠤᠴᠢᠯ᠎ᠠ  
 ᠦᠷ᠎ᠡ ᠮᠢᠨᠢ ᠪᠦᠪᠡᠢ 
       ᠡᠷᠡᠭᠦᠯᠬᠡᠨ ᠪᠣᠢᠵᠢᠬᠤ ᠪᠡᠶ᠎ᠡ ᠶ᠋ᠢᠨ ᠴᠢᠨᠢ 
       ᠡᠪᠦᠯ ᠬᠠᠪᠤᠷ ᠢ᠋ ᠳᠡᠮᠵᠢᠵᠦ ᠭᠠᠷᠬᠤ ᠡᠩᠬᠡ ᠶ᠋ᠢᠨ ᠮᠠᠨᠠᠭ᠎ᠠ ᠲᠡᠷᠡ ᠪᠢᠯᠡ 
       ᠪᠦᠪᠡᠢ ᠪᠦᠪᠡᠢ 

 ᠦᠷ᠎ᠡ ᠮᠢᠨᠢ ᠪᠦᠪᠡᠢ 
 ᠮᠠᠷᠭᠠᠰᠢ ᠶ᠋ᠢ ᠪᠢ ᠴᠠᠭᠠᠰᠤᠨ ᠳ᠋ᠤ᠌ ᠵᠢᠷᠤᠵᠤ ᠡᠯᠭᠦᠯ᠎ᠡ  
 ᠮᠠᠨᠠᠨ ᠪᠤᠳᠠᠩ ᠲᠤᠩ ᠥᠳᠬᠡᠨ 
 ᠮᠠᠨᠠᠭᠠᠨ ᠤ᠋ ᠬᠥᠮᠦᠨ ᠠᠯᠤᠰ ᠤ᠋ᠨ ᠪᠠᠷ᠎ᠠ ᠰᠠᠷᠠᠪᠴᠢᠯᠠᠵᠤ ᠵᠣᠭᠰᠣᠨ᠎ᠠ  
 ᠵᠠᠮ ᠢ᠋ ᠨᠢ 
 ᠲᠣᠳᠣᠷᠬᠠᠢ ᠵᠠᠰᠠᠵᠤ ᠴᠢᠳᠠᠭ᠎ᠠ ᠦᠭᠡᠢ ᠦᠯᠡᠳᠡᠭᠡᠯ᠎ᠡ  
 ᠦᠷ᠎ᠡ ᠮᠢᠨᠢ ᠪᠦᠪᠡᠢ ᠬᠠᠪᠤᠷᠵᠢᠶ᠎ᠠ ᠤᠷᠤᠭᠤ ᠨᠢᠳᠦ ᠬᠠᠶᠠᠭᠰᠠᠨ 
 ᠠᠶᠠᠨ ᠤ᠋ ᠲᠡᠷᠭᠡᠨ ᠦ᠌ ᠬᠦᠨᠳᠦ ᠠᠷᠠᠯ ᠬᠠᠯᠠᠭᠤᠬᠠᠨ ᠵᠡᠭᠦᠳᠦ ᠲᠡᠢ ᠬᠦᠯᠢᠶᠡᠵᠦ ᠪᠠᠢᠨ᠎ᠠ ᠰᠢᠦ  
 ᠪᠦᠪᠡᠢ ᠪᠦᠪᠡᠢ ᠁