ᠮᠣᠩᠭᠣᠯ ᠦᠰᠦᠭ ᠪᠢᠴᠢᠭ ᠦ᠋ᠨ ᠳᠡᠯᠭᠡᠨ ᠦᠵᠡᠭᠦᠯᠦᠯᠭᠡМонгол үсэг бичгийн дэлгэн үзүүллэг ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠦᠰᠦᠭ ᠪᠢᠴᠢᠭ ᠦ᠋ᠨ ᠳᠡᠯᠭᠡᠨ ᠦᠵᠡᠭᠦᠯᠦᠯᠭᠡМонгол үсэг бичгийн дэлгэн үзүүллэг

ᠮᠣᠩᠭᠣᠯ ᠦᠰᠦᠭ ᠪᠢᠴᠢᠭ ᠦ᠋ᠨ ᠳᠡᠯᠭᠡᠨ ᠦᠵᠡᠭᠦᠯᠦᠯᠭᠡМонгол үсэг бичгийн дэлгэн үзүүллэг

2023-05-02

389

ᠮᠣᠩᠭᠣᠯ ᠦᠰᠦᠭ ᠪᠢᠴᠢᠭ ᠦ᠋ᠨ ᠳᠡᠯᠭᠡᠨ ᠦᠵᠡᠭᠦᠯᠦᠯᠭᠡ

ᠮᠣᠩᠭᠣᠯ ᠦᠰᠦᠭ ᠪᠢᠴᠢᠭ ᠦ᠋ᠨ ᠳᠡᠯᠭᠡᠨ ᠦᠵᠡᠭᠦᠯᠦᠯᠭᠡ ᠶ᠋ᠢᠨ ᠨᠡᠭᠡᠭᠡᠯᠲᠡ ᠶ᠋ᠢᠨ ᠶᠣᠰᠣᠯᠠᠯ

2019 • 05 •13

 

  ᠣᠯᠠᠨ ᠤᠯᠤᠰ ᠤ᠋ᠨ ᠬᠣᠯᠪᠣᠭᠠᠲᠤ ᠬᠤᠷᠠᠯ ᠤ᠋ᠨ ᠪᠦᠳᠦᠭᠦᠨ ᠲᠢᠩᠬᠢᠮ ᠳᠣᠲᠣᠷ᠎ᠠ ᠪᠣᠰᠤᠭ᠎ᠠ ᠮᠣᠩᠭᠣᠯ ᠦᠰᠦᠭ ᠊ᠢ᠂ ᠬᠥᠮᠦᠨ ᠮᠣᠩᠭᠣᠯ ᠦᠰᠦᠭ ᠊ᠢ ᠪᠡᠨ ᠳᠡᠯᠭᠡᠭᠰᠡᠨ ᠪᠣᠯ ᠲᠡᠦᠬᠡᠨ ᠳ᠋ᠦ᠍ ᠭᠠᠷᠤᠭ᠎ᠠ ᠦᠭᠡᠢ ᠠᠩᠬ᠎ᠠ ᠤᠳᠠᠭ᠎ᠠ᠂ ᠡᠨᠡ ᠪᠣᠯ ᠮᠣᠩᠭᠣᠯ《 ᠰᠣᠶᠣᠯ 》 ᠢ᠋ᠶ᠋ᠠᠨ ᠬᠥᠭᠵᠢᠭᠦᠯᠵᠦ ᠪᠠᠶ᠋ᠢᠬᠤ ᠨᠢᠭᠡᠨ ᠵᠦᠢᠯ ᠦ᠋ᠨ ᠲᠦᠯᠬᠢᠴᠡ ᠬᠦᠴᠦᠨ ᠭᠡᠵᠦ ᠪᠢ ᠦᠵᠡᠵᠦ ᠪᠠᠶ᠋ᠢᠨ᠎ᠠ᠃ ᠮᠥᠨ ᠣᠯᠠᠨ ᠤᠯᠤᠰ ᠤ᠋ᠨ ᠬᠣᠯᠪᠣᠭᠠᠲᠤ ᠬᠤᠷᠠᠯ ᠤ᠋ᠨ ᠲᠢᠩᠬᠢᠮ ᠳᠣᠲᠣᠷ᠎ᠠ ᠮᠠᠨ ᠤ᠋ ᠮᠣᠩᠭᠣᠯ ᠭᠡᠷ ᠊ᠢ ᠢᠩᠭᠢᠵᠦ ᠪᠣᠰᠬᠠᠵᠤ᠂ ᠮᠣᠩᠭᠣᠯ ᠤᠷᠠᠨ ᠪᠢᠴᠢᠯᠭᠡ ᠶ᠋ᠢ ᠪᠡᠨ ᠳᠡᠯᠭᠡᠨ ᠦᠵᠡᠭᠦᠯᠦᠭᠰᠡᠨ ᠳ᠋ᠦ᠍ ᠪᠢ ᠶᠡᠬᠡ ᠪᠠᠶᠠᠷ ᠲᠠᠢ ᠪᠠᠶ᠋ᠢᠨ᠎ᠠ᠃

ᠮᠣᠩᠭᠣᠯᠴᠤᠳ ᠪᠢᠳᠡ ᠪᠢᠴᠢᠭ ᠦᠰᠦᠭ ᠦ᠋ᠨ ᠮᠠᠰᠢ ᠥᠨᠳᠥᠷ ᠰᠣᠶᠣᠯ ᠲᠠᠢ ᠠᠷᠠᠳ ᠲᠦᠮᠡᠨ ᠶᠦ᠍ᠮ ᠠ᠋︕ ᠲᠡᠭᠦᠨ ᠊ᠢ ᠪᠠᠲᠤᠳᠬᠠᠵᠤ ᠲᠡᠦᠬᠡᠨ ᠳ᠋ᠦ᠍ ᠪᠡᠨ ᠠᠷᠪᠠ ᠭᠠᠷᠤᠢ ᠦᠰᠦᠭ ᠪᠢᠴᠢᠭ ᠵᠣᠬᠢᠶᠠᠵᠤ᠂ ᠪᠠᠰᠠ ᠬᠥᠭᠵᠢᠭᠦᠯᠦᠨ ᠬᠡᠷᠡᠭᠯᠡᠵᠦ ᠢᠷᠡᠭᠰᠡᠨ ᠪᠠᠶ᠋ᠢᠲᠠᠭ ᠶᠤᠮ ᠠ᠋︕ ᠲᠤᠬᠠᠶ᠋ᠢᠯᠠᠪᠠᠯ ᠄ ᠠᠯᠢ ᠭᠠᠯᠢ᠂ ᠮᠣᠩᠭᠣᠯ ᠪᠢᠴᠢᠭ᠂ ᠲᠣᠳᠣ ᠪᠢᠴᠢᠭ ᠁ ᠁

ᠣᠯᠠᠨ ᠤᠯᠤᠰ ᠤ᠋ᠨ ᠬᠣᠯᠪᠣᠭᠠᠲᠤ ᠪᠠᠶ᠋ᠢᠭᠤᠯᠭ᠎ᠠ ᠳ᠋ᠤ᠌ ᠮᠣᠩᠭᠣᠯ ᠪᠢᠴᠢᠭ ᠢ᠋ᠶ᠋ᠡᠨ ᠳᠡᠯᠭᠡᠨ ᠦᠵᠡᠭᠦᠯᠵᠦ ᠳᠡᠯᠡᠬᠡᠢ ᠨᠡᠶ᠋ᠢᠲᠡ ᠳ᠋ᠦ᠍ ᠲᠠᠨᠢᠭᠤᠯᠪᠠ᠃

ᠮᠣᠩᠭᠣᠯ ᠦᠭᠡ ᠬᠡᠯᠡ ᠦᠰᠦᠭ ᠪᠢᠴᠢᠭ ᠢ᠋ᠶ᠋ᠡᠨ ᠬᠠᠶ᠋ᠢᠷᠠᠯᠠᠨ ᠬᠠᠮᠠᠭᠠᠯᠠᠨ ᠬᠥᠭᠵᠢᠭᠦᠯᠦᠨ ᠥᠪᠯᠡᠭᠦᠯᠬᠦ ᠪᠣᠯ ᠮᠣᠩᠭᠣᠯᠴᠤᠳ ᠪᠢᠳᠡᠨ ᠦ᠌ ᠲᠦᠯᠬᠢᠵᠦ ᠪᠣᠯᠣᠰᠢ ᠦᠭᠡᠢ ᠳᠠᠷᠬᠠᠨ ᠬᠠᠷᠢᠭᠤᠴᠠᠯᠭ᠎ᠠ ᠭᠡᠳᠡᠭ ᠢ᠋ᠶ᠋ᠡᠨ ᠮᠡᠳᠡᠬᠦ ᠬᠡᠷᠡᠭᠲᠡᠢ!

 

   ᠦᠰᠦᠭ ᠠᠮᠢᠯᠠᠭᠤᠯᠤᠭᠴᠢ᠄ ᠮᠥᠩᠬᠡ ᠭᠠᠯ

   ᠦᠰᠦᠭ ᠬᠠᠲᠠᠭᠴᠢ᠄ ᠮᠥᠩᠬᠡ ᠭᠠᠯ

   ᠬᠢᠨᠠᠭᠴᠢ᠄ ᠪᠠᠶᠠᠷᠴᠡᠴᠡᠭ