3-02ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠰᠢᠷ᠎ᠠ ᠡᠪᠡᠳᠴᠢᠨ ᠊ᠢ ᠵᠠᠰᠠᠬᠤ
ᠰᠢᠷ᠎ᠠ ᠡᠪᠡᠳᠴᠢᠨ ᠊ᠢ ᠵᠠᠰᠠᠬᠤ
ᠠᠭᠤᠷ ᠬᠢᠭᠡᠳ ᠠᠷᠢᠭᠤᠨ ᠪᠤᠰᠤ ᠪᠤᠵᠠᠷᠯᠠᠭᠰᠠᠨ ᠨᠥᠬᠥᠴᠡᠯ ᠢ᠋ᠶ᠋ᠡᠷ ᠢᠳᠡᠭᠡᠨ ᠤᠮᠳᠠᠭᠠᠨ᠂ ᠬᠠᠯᠠᠭᠤᠨ ᠢᠰᠬᠦᠯᠡᠩ᠂ ᠡᠰᠡ ᠰᠢᠩᠭᠡᠬᠦ ᠢᠳᠡᠭᠡᠨ᠂ ᠦᠯᠦ ᠵᠣᠬᠢᠯᠳᠤᠬᠤ ᠠ᠋ᠴᠠ ᠭᠠᠷᠤᠭᠰᠠᠨ ᠰᠥᠰᠥᠨ ᠡᠪᠡᠳᠴᠢᠨ ᠊ᠢ ᠵᠠᠰᠠᠬᠤ ᠶᠡᠷᠦ ᠶ᠋ᠢᠨ ᠡᠮ᠄ ᠠᠯᠲᠠᠨᠴᠡᠴᠡᠭ᠂ ᠠᠷᠤᠷ᠎ᠠ᠂ ᠰᠥᠭᠮᠸᠯ᠂ ᠰᠢᠩ ᠠᠷ᠂ ᠴᠠᠭᠠᠨ ᠲᠤᠲᠤᠷᠭ᠎ᠠ᠂ ᠮᠥᠰᠥᠨ ᠰᠢᠬᠢᠷ ᠊ᠢ ᠨᠠᠶ᠋ᠢᠷᠠᠭᠤᠯᠤᠭᠰᠠᠨ ᠪᠠᠭᠠᠲᠤᠷ—6 ᠤ᠋ ᠳᠠᠩ ᠢ᠋ᠶ᠋ᠠᠷ ᠬᠠᠯᠠᠭᠤᠨ ᠬᠦᠢᠲᠡᠨ ᠰᠢᠷ᠎ᠠ ᠪᠠᠷ ᠪᠥᠭᠡᠯᠵᠢᠬᠦ ᠬᠢᠭᠡᠳ ᠲᠣᠯᠣᠭᠠᠢ ᠡᠪᠡᠳᠬᠦ ᠲᠡᠷᠢᠭᠦᠲᠡᠨ ᠳ᠋ᠦ᠍ ᠬᠤᠪᠢ ᠳᠠᠭᠱᠠ ᠨᠠᠶ᠋ᠢᠷᠠᠭᠤᠯ᠃
ᠬᠠᠯᠠᠭᠤᠨ ᠰᠢᠷ᠎ᠠ ᠶ᠋ᠢᠨ ᠡᠪᠡᠳᠴᠢᠨ ᠳ᠋ᠦ᠍ᠷ
ᠶᠡᠬᠡ ᠬᠠᠭᠠᠨ—16 ᠠᠨᠤ᠄ ᠬᠤᠩᠯᠸᠨ᠂ ᠪᠣᠩᠭᠠᠷ᠂ ᠳ᠋ᠢᠭᠳᠡ᠂ ᠵᠢᠷᠱᠤᠨ᠂ ᠠᠯᠲᠠᠨᠴᠡᠴᠡᠭ᠂ ᠪᠠᠷᠠᠭᠱᠥ᠋ᠨ᠂ ᠫᠠᠭᠷᠢᠯᠲ᠋ᠠᠯ᠂
ᠭᠦᠷᠭᠦᠮ᠂ ᠳ᠋ᠦ᠋ᠭ᠌ᠮᠦᠨᠢᠤᠩ᠂ ᠪᠠᠯᠢᠭ᠎ᠠ᠂ ᠪᠠᠱᠠᠭ᠎ᠠ᠂ ᠪᠠᠷᠪᠠᠲᠠ᠂ ᠭᠢᠸᠠᠩ᠂ ᠪᠡᠷᠢᠶᠡᠩᠭᠦ᠂ ᠳ᠋ᠦ᠋ᠳᠽᠢᠯᠦᠮᠡ ᠶ᠋ᠢ
ᠡᠷᠬᠢᠮᠯᠡᠨ᠂ ᠽᠠᠷᠾᠢ ᠲᠡᠷᠢᠭᠦᠲᠡᠨ ᠊ᠢ ᠬᠤᠪᠢ ᠳᠠᠭᠱᠠ ᠨᠠᠶ᠋ᠢᠷᠠᠭᠤᠯᠵᠤ᠂ ᠮᠥᠰᠥᠨ ᠰᠢᠬᠢᠷ ᠲᠡᠢ ᠬᠦᠷᠦᠭᠡᠭᠰᠡᠨ
ᠤᠰᠤ ᠪᠠᠷ ᠳᠠᠷᠤᠭᠤᠯ᠃ ᠡᠨᠡ ᠨᠢ ᠮᠢᠬ᠎ᠠ᠂ ᠨᠢᠳᠦ ᠰᠢᠷᠠᠯᠠᠬᠤ᠂ ᠬᠠᠯᠠᠭᠤᠨ ᠰᠢᠷ᠎ᠠ ᠶ᠋ᠢᠨ ᠡᠪᠡᠳᠴᠢᠨ ᠪᠦᠬᠦᠨ ᠳ᠋ᠦ᠍
ᠮᠠᠭᠠᠳ ᠲᠤᠰᠠᠯᠠᠨ᠎ᠠ᠃ ᠬᠢᠵᠢᠭ ᠲᠣᠷ ᠠᠯᠲᠠᠨ ᠷᠢᠯᠦ᠂ ᠪᠡᠬᠡ ᠶ᠋ᠢ ᠨᠡᠮᠡᠭᠲᠦᠨ᠂ ᠢᠳᠡᠭᠡᠨ ᠶᠠᠪᠤᠳᠠᠯ ᠊ᠢ ᠮᠠᠰᠢ
ᠬᠢᠴᠢᠶᠡᠬᠦ ᠬᠡᠷᠡᠭᠲᠡᠢ᠃ ᠬᠡᠨᠢᠶᠡᠷ ᠶᠡᠬᠡ ᠪᠣᠢ᠃ ᠰᠡᠭᠦᠯ ᠳ᠋ᠦ᠍ᠷ ᠲᠣᠭᠣᠯᠭᠠᠨ ᠦᠢᠯᠡᠳᠦᠭᠴᠢ ᠲᠡᠭᠦᠰ ᠰᠠᠢᠨ—13
ᠠᠨᠤ᠄ ᠠᠷᠤᠷ᠎ᠠ3 ᠴᠢᠨ᠂ ᠳ᠋ᠦ᠋ᠷᠵᠢᠳ3 ᠴᠢᠨ᠂ᠳ᠋ᠦ᠋ᠭ᠌ᠮᠦᠨᠢᠤᠩ 2 ᠴᠢᠨ᠂ ᠳ᠋ᠢᠭᠳᠡ2 ᠴᠢᠨ᠂ ᠪᠤᠶ᠋ᠢᠭᠠᠷ2 ᠴᠢᠨ᠂
ᠲᠠᠯᠭᠠᠳᠣᠷᠵᠢ2 ᠴᠢᠨ᠂ ᠰᠤᠮᠠᠷᠠᠨᠽᠨ3 ᠴᠢᠨ᠂ ᠪᠣᠩᠭᠠᠷ1 ᠴᠢᠨ᠂ ᠠᠯᠲᠠᠨᠴᠡᠴᠡᠭ2 ᠴᠢᠨ᠂ ᠪᠠᠱᠠᠭ᠎ᠠ2 ᠴᠢᠨ ᠊ᠢ ᠨᠠᠶ᠋ᠢᠷᠠᠭᠤᠯᠵᠤ᠂
ᠦᠨᠢᠶᠡᠨ ᠰᠢᠭᠡᠰᠦ ᠪᠤᠶᠤ ᠵᠠᠮᠼᠤᠸᠨ᠂ ᠠᠯᠢ ᠵᠣᠬᠢᠰᠲᠠᠢ ᠪᠠᠷ ᠲᠠᠰᠢᠭᠤᠷᠳᠠ᠃
ᠬᠦᠢᠲᠡᠨ ᠰᠢᠷ᠎ᠠ ᠶ᠋ᠢᠨ ᠡᠪᠡᠳᠴᠢᠨ ᠳ᠋ᠦ᠍ᠷ
ᠣᠨᠣᠭᠳᠠᠭᠤᠯᠬᠤ ᠡᠮ ᠢᠨᠤ᠄ ᠠᠷᠤᠷ᠎ᠠ᠂ ᠵᠠᠮᠼᠤᠸᠨ᠂ ᠠᠯᠲᠠᠨᠴᠡᠴᠡᠭ᠂ ᠰᠸᠪᠦᠷᠦ᠂ ᠰᠢᠩᠼᠠ᠂ ᠰᠦᠭᠮᠡᠯ᠂ ᠪᠢᠪᠢᠯᠢᠩ᠂
ᠫᠠᠭᠲ᠋ᠠᠯ᠂ᠳ᠋ᠦ᠋ᠭ᠌ᠮᠦᠨᠢᠤᠩ᠂ ᠳ᠋ᠤᠮᠷᠾᠢ᠂ ᠽᠠᠳᠢ᠂ ᠯᠢᠰᠢ᠂ ᠷᠦᠳᠠ᠂ ᠵᠠ ᠭᠠ᠂ ᠮᠥᠰᠥᠨ ᠰᠢᠬᠢᠷ᠃ ᠫᠠᠭᠲ᠋ᠠᠯ ᠊ᠢ
ᠡᠷᠬᠢᠮ ᠪᠣᠯᠭᠠᠵᠤ᠂ ᠪᠤᠰᠤᠳ ᠊ᠢ ᠬᠤᠪᠢ ᠲᠠᠭᠰᠢ ᠪᠠᠷ ᠨᠠᠶ᠋ᠢᠷᠠᠭᠤᠯ᠃ ᠲᠩᠷᠢ ᠶ᠋ᠢᠨ ᠰᠤᠮᠤ—14᠂ ᠡᠨᠡ ᠨᠢ ᠬᠦᠢᠲᠡᠨ
ᠰᠢᠷ᠎ᠠ ᠶ᠋ᠢ ᠳᠠᠷᠤᠬᠤᠢ ᠳ᠋ᠤᠷ ᠮᠠᠰᠢ ᠭᠠᠶ᠋ᠢᠬᠠᠮᠰᠢᠬ ᠪᠣᠯᠠᠢ᠃
ᠪᠡᠶ᠎ᠡ ᠰᠢᠷᠠᠯᠠᠬᠤ ᠪᠣᠯᠪᠠᠴᠤ᠄
ᠭᠢᠸᠠᠩ᠂ ᠬᠠᠴᠸ ᠭᠦᠷᠭᠦᠮ᠂ ᠬᠣᠩᠯᠸᠨ ᠬᠤᠪᠢ ᠰᠠᠴᠤᠭᠤ᠄ ᠰᠠᠢᠨ ᠪᠡᠬᠡ ᠲᠡᠭᠦᠨ ᠦ᠌ ᠬᠠᠭᠠᠰ᠄ ᠤᠯᠠᠭᠠᠨ ᠽᠠᠨᠳᠠᠨ ᠤ᠋ ᠦᠨᠡᠰᠦ
ᠪᠦᠬᠦᠨ ᠊ᠢ ᠬᠠᠭᠠᠰ ᠊ᠢ ᠬᠦᠢᠲᠡᠨ ᠤᠰᠤ ᠪᠠᠷ ᠳᠠᠷᠤᠭᠤᠯᠪᠠᠰᠤ ᠮᠠᠭᠠᠳ ᠲᠤᠰᠠᠲᠠᠢ᠃ ᠰᠥᠰᠥᠨ ᠡᠪᠡᠳᠴᠢᠨ ᠬᠠᠯᠠᠭᠤᠨ
ᠬᠦᠢᠲᠡᠨ ᠠᠯᠢᠨ ᠨᠢ ᠴᠦ᠍ ᠡᠨᠡ ᠳᠥᠷᠪᠡᠨ ᠨᠠᠶ᠋ᠢᠷᠠᠯᠭ᠎ᠠ ᠠ᠋ᠴᠠ ᠳᠠᠪᠠᠬᠤ ᠦᠭᠡᠢ᠃
ᠦᠰᠦᠭ ᠠᠮᠢᠯᠠᠭᠤᠯᠤᠭᠴᠢ᠄ ᠱᠠᠭᠰᠠᠯ
ᠬᠢᠨᠠᠭᠴᠢ᠄ ᠣᠤᠠᠬᠠᠨᠰᠣ ᠠ᠋
