ᠵᠠᠩᠭᠠᠷ ᠤ᠋ᠨ ᠲᠤᠤᠯᠢ ᠣᠷᠣᠰᠢᠯ ᠪᠦᠯᠦᠭ ᠦ᠋ᠨ ᠲᠠᠪᠤᠳᠤᠭᠠᠷ ᠬᠡᠰᠡᠭᠯᠡᠯ-ᠠᠷᠠᠭ ᠤᠯᠠᠭᠠᠨ ᠬᠣᠩᠭᠣᠷЖангарын дооли оршил бөлгийн тавдугаар хэсэглэл-ариг улаан хонгор ᠲᠤᠤᠯᠢᠰ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠩᠭᠠᠷ ᠤ᠋ᠨ ᠲᠤᠤᠯᠢ ᠣᠷᠣᠰᠢᠯ ᠪᠦᠯᠦᠭ ᠦ᠋ᠨ ᠲᠠᠪᠤᠳᠤᠭᠠᠷ ᠬᠡᠰᠡᠭᠯᠡᠯ-ᠠᠷᠠᠭ ᠤᠯᠠᠭᠠᠨ ᠬᠣᠩᠭᠣᠷЖангарын дооли оршил бөлгийн тавдугаар хэсэглэл-ариг улаан хонгор

ᠵᠠᠩᠭᠠᠷ ᠤ᠋ᠨ ᠲᠤᠤᠯᠢ ᠣᠷᠣᠰᠢᠯ ᠪᠦᠯᠦᠭ ᠦ᠋ᠨ ᠲᠠᠪᠤᠳᠤᠭᠠᠷ ᠬᠡᠰᠡᠭᠯᠡᠯ-ᠠᠷᠠᠭ ᠤᠯᠠᠭᠠᠨ ᠬᠣᠩᠭᠣᠷЖангарын дооли оршил бөлгийн тавдугаар хэсэглэл-ариг улаан хонгор

ᠠᠩᠭᠢᠯᠠᠯ:ᠲᠤᠤᠯᠢᠰ
2023-05-01

1284

ᠵᠠᠩᠭᠠᠷ ᠤ᠋ᠨ ᠲᠤᠤᠯᠢ ᠣᠷᠣᠰᠢᠯ ᠪᠦᠯᠦᠭ ᠦ᠋ᠨ ᠲᠠᠪᠤᠳᠤᠭᠠᠷ ᠬᠡᠰᠡᠭᠯᠡᠯ

  ᠠᠷᠠᠭ ᠤᠯᠠᠭᠠᠨ ᠬᠣᠩᠭᠣᠷ


ᠠᠯᠳᠠᠷ ᠨᠣᠶᠠᠨ ᠪᠣᠭᠳᠠ ᠵᠠᠩᠭᠠᠷ ᠤ᠋ᠨ
ᠠᠷᠪᠠᠨ ᠬᠣᠶᠠᠷ ᠪᠠᠭᠠᠲᠤᠷ ᠤ᠋ᠨ ᠠᠬᠠᠯᠠᠭᠴᠢ᠂
ᠠᠷᠠᠭ ᠤᠯᠠᠭᠠᠨ ᠬᠣᠩᠭᠣᠷ ᠢ᠋
ᠠᠶᠠᠯᠠᠭᠤᠯᠤᠨ ᠳᠠᠭᠤᠯᠠᠭᠠᠳ ᠬᠡᠯᠡᠭᠡᠳ ᠢᠷᠡᠳᠡᠭ ᠪᠣᠯᠬᠤᠯ᠎ᠠ᠂
ᠠᠯᠳᠠᠷ ᠨᠣᠶᠠᠨ ᠪᠣᠭᠳᠠ ᠵᠠᠩᠭᠠᠷ ᠤ᠋ᠨ
ᠲᠡᠢᠨ ᠦ᠌ ᠴᠠᠭ ᠲᠤᠨᠢ ᠰᠢᠪᠡᠭᠡ ᠪᠣᠯᠤᠭᠰᠠᠨ ᠭᠡᠨ᠎ᠡ ᠯᠡ 

ᠳᠠᠢᠪᠠᠯᠵᠠᠬᠤ ᠴᠠᠭ ᠲᠤᠨᠢ ᠪᠠᠭᠠᠨ᠎ᠠ ᠪᠣᠯᠤᠭᠰᠠᠨ ᠭᠡᠨ᠎ᠡ ᠯᠡ 

ᠳᠠᠢᠯᠠᠳᠤᠬᠤ ᠴᠠᠭ ᠲᠤᠨᠢ ᠬᠤᠶᠠᠭ ᠪᠣᠯᠤᠭᠰᠠᠨ ᠭᠡᠨ᠎ᠡ ᠯᠡ
ᠲᠠᠩᠳᠠᠬᠤ ᠴᠠᠭ ᠲᠤᠨᠢ ᠲᠦᠰᠢᠭ ᠪᠣᠯᠤᠭᠰᠠᠨ ᠭᠡᠨ᠎ᠡ ᠯᠡ
ᠮᠠᠩᠨᠠᠢ ᠶ᠋ᠢᠨ ᠳᠡᠭᠡᠷ᠎ᠡ ᠨᠢ ᠮᠠᠩᠬᠠᠸ᠎ᠡ ᠶ᠋ᠢᠨ ᠭᠡᠭᠡᠨ ᠪᠦᠷᠢᠳᠦᠭᠰᠡᠨ ᠭᠡᠨ᠎ᠡ ᠯᠡ
ᠵᠤᠯᠠᠢ ᠳᠡᠭᠡᠷ᠎ᠡ ᠨᠢ ᠽᠤᠩᠺᠠᠸ᠎ᠠ ᠶ᠋ᠢᠨ ᠭᠡᠭᠡᠨ ᠪᠦᠷᠢᠳᠦᠭᠰᠡᠨ ᠭᠡᠨ᠎ᠡ ᠯᠡ
ᠳᠠᠯᠤ ᠡᠭᠡᠮ ᠢ᠋ᠶ᠋ᠡᠷ ᠨᠢ ᠴᠣᠬᠢᠬᠤᠯᠠᠷ᠂
ᠦᠭᠡ ᠠᠯᠳᠠᠳᠠᠭ ᠶᠣᠰᠣᠨ ᠦᠭᠡᠢ᠂
ᠳᠠᠪᠤᠰᠠᠭ ᠤ᠋ᠨ ᠡᠬᠢ ᠪᠡᠷ ᠴᠣᠬᠢᠬᠤᠯᠠᠷ᠂
ᠰᠢᠭᠡᠰᠦ ᠠᠯᠳᠠᠳᠠᠭ ᠶᠣᠰᠣᠨ ᠦᠭᠡᠢ᠂
ᠠᠮᠢ ᠨᠢ ᠪᠡᠶ᠎ᠡ ᠳ᠋ᠡᠭᠡᠨ ᠪᠠᠢᠳᠠᠭ ᠦᠭᠡᠢ᠂
ᠠᠷᠪᠠᠨ ᠭᠤᠷᠪᠠ ᠬᠤᠪᠢᠯᠳᠠᠭ ᠭᠡᠨ᠎ᠡ ᠯᠡ
ᠠᠷᠠᠨᠵᠠ ᠶ᠋ᠢᠨ ᠠᠷᠪᠠᠨ ᠬᠣᠶᠠᠷ ᠪᠠᠭᠠᠲᠤᠷ ᠢ᠋ᠶ᠋ᠠᠨ
ᠠᠯᠠᠭ ᠨᠢᠳᠦᠨ ᠦ᠌ ᠡᠷᠭᠢᠴᠡ ᠪᠡᠷ ᠪᠠᠢᠯᠭᠠᠳᠠᠭ ᠭᠡᠨ᠎ᠡ ᠯᠡ
ᠪᠤᠮᠪᠠ ᠶ᠋ᠢᠨ ᠰᠠᠢᠬᠠᠨ ᠣᠷᠣᠨ ᠤ᠋
ᠪᠣᠭᠣᠯ ᠲᠣᠯᠣᠭᠠᠢ ᠶ᠋ᠢᠨ ᠰᠢᠷᠡᠭᠡᠨ ᠨᠣᠶᠠᠨ᠂
ᠪᠦᠬᠡᠢ ᠪᠦᠬᠡᠢ ᠪᠥᠭᠡᠯᠲᠡᠢ ᠪᠥᠬᠡ ᠮᠥᠩᠭᠥᠨ ᠰᠢᠭᠰᠢᠷᠡᠭᠡ ᠶ᠋ᠢᠨ 

ᠤᠤᠭᠠᠨ ᠭᠠᠭᠴᠠ ᠬᠥᠪᠡᠭᠦᠨ᠂ 

ᠠᠷᠠᠭ ᠤᠯᠠᠭᠠᠨ ᠬᠣᠩᠭᠣᠷ ᠭᠡᠵᠦ ᠬᠡᠯᠡᠳᠡᠭ ᠰᠠᠨᠵᠠᠢ ᠭᠡᠨ᠎ᠡ ᠯᠡ


ᠦᠭᠡᠰ ᠦ᠋ᠨ ᠲᠠᠢᠯᠪᠤᠷᠢ᠄
᠂ ᠤᠳᠬ᠎ᠠ ᠰᠠᠨᠠᠭ᠎ᠠ
ᠠᠷᠠᠭ᠁ ᠦᠶ᠎ᠡ ᠤᠯᠠᠷᠢᠨ ᠤᠳᠤᠮ ᠳᠠᠮᠵᠢᠨ ᠵᠠᠯᠭᠠᠭᠰᠠᠨ᠂ ᠡᠷ᠎ᠡ ᠵᠣᠷᠢᠭ ᠡᠷᠡᠮᠡᠬᠡᠢ ᠤᠬᠠᠭᠠᠨ ᠪᠠᠭᠠᠲᠤᠷ ᠬᠦᠴᠦᠨ ᠪᠦᠷᠢᠳᠦᠭᠰᠡᠨ᠂ ᠣᠯᠠᠨ ᠠ᠋ᠴᠠ ᠬᠡᠲᠦᠢᠳᠦᠭᠰᠡᠨ ᠶᠠᠰᠤ ᠬᠠᠲᠠᠭᠤ ᠂ᠡᠷᠳᠡᠮ ᠤᠬᠠᠭᠠᠨ ᠣᠯᠠᠨ ᠠ᠋ᠴᠠ ᠣᠨᠴᠠ ᠡᠷᠳᠡᠮ ᠲᠡᠭᠦᠰ ᠪᠦᠷᠢᠳᠦᠭᠰᠡᠨ ᠠᠯᠳᠠᠷ ᠴᠣᠯᠠ ᠨᠢ ᠮᠠᠨᠳᠤᠭᠰᠠᠨ᠃
2
᠂ ᠰᠢᠪᠡᠭᠡ᠁ ᠰᠢᠪᠡᠭᠡᠯᠡᠭᠰᠡᠨ᠂ ᠬᠤᠷᠠᠭᠰᠠᠨ᠂ ᠴᠤᠭᠯᠠᠷᠠᠭᠰᠠᠨ᠂ ᠪᠠᠲᠤ ᠨᠢᠭᠲᠠᠷᠠᠨ ᠴᠤᠭᠯᠠᠷᠠᠭᠰᠠᠨ᠃3 ᠲᠠᠢᠪᠠᠠᠯᠠᠬᠤ ᠳᠠᠢᠪᠠᠯᠵᠠᠬᠤ᠂ ᠬᠠᠩᠭᠠᠬᠤ᠃
4
 ᠳᠠᠢᠯᠠᠳᠤᠬᠤ᠁ ᠪᠠᠢᠯᠳᠤᠬᠤ᠂ ᠡᠰᠡᠷᠭᠦᠴᠡᠯᠳᠦᠬᠦ᠃5᠂ ᠲᠠᠩᠳᠠᠬᠤ᠁ ᠭᠠᠭᠴᠠᠷᠳᠠᠬᠣ᠂ ᠥᠨᠥᠴᠢᠷᠡᠬᠦ᠂ ᠲᠤᠰᠠᠯᠠᠬᠤ ᠬᠦᠴᠦᠨ ᠮᠡᠬᠦᠰᠳᠡᠬᠦ᠃
6
᠂ ᠬᠤᠶᠠᠭ ᠪᠣᠯᠤᠭᠰᠠᠨ᠁ ᠴᠡᠷᠢᠭ ᠪᠣᠯᠤᠭᠰᠠᠨ
7
 ᠠᠷᠠᠨᠵᠠ᠁ ᠡᠷᠡ ᠵᠣᠷᠢᠭ᠂ ᠡᠷᠡᠮᠡᠬᠡᠢ ᠤᠬᠠᠭᠠᠨ ᠪᠦᠷᠢᠳᠦᠭᠰᠡᠨ᠃
8
 ᠪᠣᠭᠣᠯᠪᠤᠯᠤ\\ ᠲᠣᠯᠣᠭᠠᠢ ᠪᠠᠲᠤ ᠪᠥᠬᠡ᠂ ᠪᠦᠭᠦᠳᠡ ᠪᠡᠷ   ᠢᠶ᠋ᠠᠨ ᠬᠦᠴᠦ ᠪᠡᠨ ᠨᠢᠭᠡᠳᠬᠡᠭᠰᠡᠨ᠂ ᠡᠷ᠎ᠡ ᠵᠣᠷᠢᠭ ᠡᠷᠡᠮᠡᠬᠡᠢ ᠬᠦᠴᠦᠲᠡᠨ ᠬᠤᠷᠠᠨ ᠴᠤᠭᠯᠠᠷᠠᠭᠰᠠᠨ ᠲᠥᠪ ᠭᠠᠵᠠᠷ
9
᠂ ᠪᠥᠬᠡ ᠮᠥᠩᠭᠥᠨ ᠰᠢᠭᠰᠢᠷᠡᠭᠡ᠁ ᠠᠷᠠᠭ ᠤᠯᠠᠭᠠᠨ ᠬᠣᠩᠭᠣᠷ ᠤ᠋ᠨ ᠡᠴᠢᠭᠡ ᠃


   ᠦᠰᠦᠭ ᠠᠮᠢᠯᠠᠭᠤᠯᠤᠭᠴᠢ᠄  ᠂ ᠨᠠᠷᠠᠰᠤ
   ᠬᠢᠨᠠᠭᠴᠢ᠄ ᠰᠡᠬᠡᠭᠡᠷᠡᠯ  ᠣᠳᠬᠠᠨᠰᠤ᠎ᠡ
   ᠦᠰᠦᠭ ᠬᠠᠲᠠᠭᠴᠢ  ᠣᠳᠬᠣᠨᠴᠡᠴᠡᠭ

ᠠᠷᠠᠭ ᠤᠯᠠᠭᠠᠨ ᠬᠣᠩᠭᠣᠷ ᠦ᠋ᠨ ᠲᠠᠶ᠋ᠢᠯᠤᠮᠵᠢ