3-01ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠡᠢ ᠡᠪᠡᠳᠴᠢᠨ ᠊ᠢ ᠵᠠᠰᠠᠬᠤ
ᠬᠡᠢ ᠡᠪᠡᠳᠴᠢᠨ ᠊ᠢ ᠵᠠᠰᠠᠬᠤ-ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ
ᠬᠡᠢ ᠡᠪᠡᠳᠴᠢᠨ ᠊ᠢ ᠵᠠᠰᠠᠬᠤ
ᠠᠨᠠᠭᠠᠬᠤ ᠤᠬᠠᠭᠠᠨ ᠤ᠋ ᠳᠠᠯᠠᠢ ᠠ᠋ᠴᠠ ᠲᠠᠲᠠᠵᠤ ᠬᠤᠷᠢᠶᠠᠭᠰᠠᠨ ᠥᠴᠦᠬᠡᠨ ᠲᠤᠰᠠᠲᠤ ᠱᠢᠷᠦᠨᠴᠢᠮᠡᠭ ᠬᠡᠮᠡᠬᠦ ᠣᠷᠣᠰᠢᠪᠠᠢ ( ᠵᠦᠷᠦᠲᠤᠰᠢᠯ )
ᠨᠠᠮᠤ ᠬᠦᠷᠦ ᠪᠢᠺᠠᠽᠠᠶᠡ
ᠡᠮ ᠦ᠋ᠨ ᠬᠠᠭᠠᠨ ᠡᠨᠡᠷᠢᠯ ᠲᠡᠭᠦᠰ ᠰᠠᠶ᠋ᠢᠪᠠᠷ ᠣᠳᠤᠭᠰᠠᠨ ᠳᠣᠯᠣᠭ᠎ᠠ᠂ ᠡᠮᠴᠢ ᠪᠠᠭᠰᠢ ᠬᠣᠶᠠᠳᠤᠭᠠᠷ ᠣᠭ᠌ᠶᠤᠨ ᠤᠶᠠᠩᠭᠠᠲᠤ ᠢᠲᠡᠭᠡᠯ᠂
ᠡᠮ ᠦ᠋ᠨ ᠦᠨᠳᠦᠰᠦ ᠶ᠋ᠢ ᠰᠠᠶ᠋ᠢᠲᠤᠷ
ᠤᠪᠠᠳᠢᠰᠯᠠᠭᠴᠢ ᠵᠠᠯᠠᠭᠤ ᠲᠡᠷᠢᠭᠦᠲᠡᠨ᠂ ᠡᠮᠨᠡᠬᠦᠢ ᠶ᠋ᠢᠨ ᠰᠢᠨᠵᠢᠯᠡᠯ ᠊ᠢ ᠳᠡᠯᠭᠡᠷᠡᠭᠦᠯᠦᠭᠴᠢᠳ ᠲᠣᠷ ᠰᠥᠭᠥᠳᠦᠮᠦᠢ
᠃ ᠦᠨᠳᠦᠰᠦ ᠠᠶ᠋ᠢᠮᠠᠭ ᠤ᠋ᠨ ᠪᠤᠷᠬᠠᠨ ᠰᠠᠬᠢᠭᠤᠯᠰᠤᠨ ᠵᠠᠷᠯᠢᠭ ᠊ᠢ ᠬᠦᠯᠢᠶᠡᠭᠴᠢ ᠰᠡᠯᠲᠡ᠂ ᠶᠡᠬᠡ ᠡᠨᠡᠷᠢᠯᠲᠦ
ᠨᠢᠭᠦᠯᠡᠰᠬᠦᠢ ᠶ᠋ᠢᠨ ᠴᠢᠬᠤᠯᠠ ᠲᠠᠭᠠᠯᠠᠵᠤ᠂ ᠡᠮ ᠨᠠᠶ᠋ᠢᠷᠠᠯᠭ᠎ᠠ ᠶ᠋ᠢᠨ ᠨᠢᠭᠤᠴᠠ ᠶ᠋ᠢ ᠠᠷᠪᠢᠵᠢᠭᠤᠯᠬᠤ ᠶᠣᠰᠣ
ᠡᠭᠦᠨ ᠊ᠢ ᠬᠠᠶ᠋ᠢᠷᠠᠯᠠᠨ ᠰᠣᠶᠣᠷᠬᠠᠵᠤ᠂ ᠥᠯᠵᠡᠢ ᠪᠡᠷ ᠦᠷᠭᠦᠯᠵᠢᠳᠡ ᠲᠡᠤᠠᠬᠦᠭᠲᠦᠨ᠃ ᠭᠤᠷᠪᠠᠨ ᠬᠣᠣᠷ ᠠ᠋ᠴᠠ ᠭᠠᠷᠤᠭᠰᠠᠨ
ᠡᠪᠡᠳᠴᠢᠨ ᠦ᠌ ᠵᠦᠢᠯ ᠦ᠋ᠳ ᠊ᠢ ᠬᠢᠵᠠᠭᠠᠷᠯᠠᠰᠢ ᠦᠭᠡᠢ ᠠᠶ᠋ᠢᠯᠠᠲᠤᠬᠰᠠᠨ ᠪᠣᠯᠪᠠᠴᠤ᠂ ᠶᠡᠷᠦᠨᠳᠡᠭ ᠲᠣᠷ ᠡᠮ ᠦ᠋ᠨ
ᠨᠠᠶ᠋ᠢᠷᠠᠯᠭ᠎ᠠ ᠠ᠋ᠴᠠ ᠪᠤᠰᠤᠳ ᠦᠯᠡᠮᠵᠢ ᠦᠭᠡᠢ ᠡᠴᠡ ᠲᠤᠯᠠ᠂ ᠠᠮᠢᠳᠠᠨ᠎ᠠ ᠲᠤᠰᠠᠯᠠᠬᠤ ᠭᠠᠷ ᠤ᠋ᠨ ᠠᠪᠤᠯᠭ᠎ᠠ ᠡᠭᠦᠨ ᠡᠴᠡ
ᠴᠥᠭᠡᠬᠡᠨ ᠳ᠋ᠦ᠍ᠷ ᠬᠤᠷᠢᠶᠠᠬᠤ ᠴᠢᠨᠡᠭᠡ ᠪᠠᠭ᠎ᠠ ᠪᠣᠯᠪᠠᠴᠤ᠂ ᠥᠴᠦᠬᠡᠨ ᠪᠣᠯᠤᠭᠰᠠᠨ ᠦᠭᠡᠢ ᠨᠠᠶ᠋ᠢᠷᠠᠯᠭ᠎ᠠ ᠨᠤᠭᠤᠳ
᠊ᠢ ᠮᠠᠭᠠᠳ ᠲᠤᠰᠠ ᠭᠠᠷᠤᠭᠰᠠᠨ ᠠᠨᠤ ᠬᠠᠶᠠ ᠵᠠᠷᠢᠮ ᠤ᠋ᠨ ᠲᠡᠳᠦᠢ ᠬᠡᠷᠡᠭᠲᠡᠢ ᠶ᠋ᠢ ᠪᠢᠴᠢᠭᠰᠡᠨ ᠡᠨᠡ ᠭᠠᠶ᠋ᠢᠬᠠᠮᠰᠢᠬ᠃
ᠨᠢᠭᠡ᠂ ᠬᠡᠢ ᠡᠪᠡᠳᠴᠢᠨ ᠊ᠢ ᠵᠠᠰᠠᠬᠤ
ᠴᠥᠪ ᠴᠠᠭ ᠤ᠋ᠨ ᠬᠥᠮᠦᠰ ᠦ᠋ᠨ
ᠶᠡᠬᠡ ᠣᠯᠠᠩᠬᠢ ᠠᠨᠤ ᠬᠦᠰᠡᠯ ᠲᠠᠴᠢᠶᠠᠩᠭᠤᠢ ᠠ᠋ᠴᠠ ᠡᠭᠦᠰᠦᠭᠰᠡᠨ ᠬᠡᠢ ᠶ᠋ᠢᠨ ᠡᠪᠡᠳᠴᠢᠨ ᠣᠯᠠᠨ᠂ ᠵᠠᠷᠢᠮ ᠳ᠋ᠠᠭᠠᠨ
ᠪᠤᠰᠤᠳ ᠡᠪᠡᠳᠴᠢᠨ ᠭᠠᠷᠬᠤ ᠪᠣᠢ ᠪᠣᠯᠪᠠᠴᠤ᠂ ᠬᠡᠢ ᠶ᠋ᠢᠨ ᠠᠮᠠ ᠶ᠋ᠢ ᠪᠠᠷᠢᠯ ᠦᠭᠡᠢ ᠡᠨᠳᠡᠭᠦᠷᠡᠬᠦ ᠣᠯᠠᠨ ᠪᠣᠢ᠃
ᠲᠡᠶ᠋ᠢᠮᠦ ᠡᠴᠡ ᠠᠩᠬ᠎ᠠ ᠬᠡᠢ ᠶ᠋ᠢᠨ ᠡᠪᠡᠳᠴᠢᠨ ᠦ᠌ ᠶᠡᠷᠦ ᠶ᠋ᠢᠨ ᠡᠮ ᠪᠣᠯᠬᠤ᠄ ᠰᠢᠩᠭᠦᠨ᠂ ᠱᠠᠴᠢᠨ᠂ ᠯᠢᠰᠢ᠂ ᠽᠠᠳᠢ᠂
ᠰᠢᠩᠽᠠ᠂ ᠭᠠ᠂ ᠪᠢᠪᠢᠯᠢᠩ᠂ ᠫᠣᠸᠠᠷᠢ᠂ ᠬᠣᠶᠠᠷ ᠵᠦᠢᠯ ᠦ᠋ᠨ ᠬᠥᠬᠥᠯ᠂ ᠰᠸᠪᠦᠷᠦ᠂ ᠭᠤᠬᠲ᠋ᠠᠯ᠂ ᠰᠦᠭᠮᠸᠯ᠂ ᠠᠷᠤᠷ᠎ᠠ᠂
ᠭᠤᠨᠢᠶᠤᠳ᠂ ᠬᠠᠷ᠎ᠠ ᠠᠭᠠᠷᠤ᠂ ᠷᠦᠳᠠ᠂ ᠮᠠᠨᠤ᠂ ᠯᠢᠳᠡᠷᠢ᠂ ᠺᠠᠷᠤᠽᠤᠸᠠ᠂ ᠵᠠᠮᠽᠤᠸᠠ᠂ ᠠᠵᠠᠬᠰᠸᠷᠵᠦᠮ᠂ ᠭᠦᠷᠭᠦᠮ᠃
ᠪᠤᠷᠠᠮ᠂ ᠽᠠᠳᠢ᠂ ᠰᠸᠪᠦᠷᠦ ᠶ᠋ᠢ ᠡᠷᠬᠢᠮ ᠪᠣᠯᠭᠠᠵᠤ᠂ ᠪᠤᠰᠤᠳ ᠦ᠋ᠳ ᠊ᠢ ᠬᠤᠪᠢ ᠳᠠᠭᠱᠠ ᠨᠠᠶ᠋ᠢᠷᠠᠭᠤᠯᠵᠤ᠂ ᠰᠦ᠂
ᠠᠷᠢᠬᠢ᠂ ᠮᠢᠬᠠᠨ ᠱᠥᠯᠥ ᠪᠡᠷ ᠳᠠᠷᠤᠭᠤᠯ᠃ ᠶᠡᠬᠡ ᠴᠣᠭᠲᠤ—24᠂ ᠡᠭᠦᠨ ᠢ᠋ᠶ᠋ᠡᠷ ᠬᠡᠢ ᠶ᠋ᠢᠨ ᠢᠵᠠᠭᠤᠷ ᠪᠦᠬᠦᠨ
᠊ᠢ ᠮᠠᠭᠠᠳ ᠳᠠᠷᠤᠮᠤᠢ᠃ ᠪᠠᠰᠠ ᠡᠮ ᠢ᠋ᠶ᠋ᠡᠨ ᠴᠥᠭᠡᠳᠬᠡᠨ ᠨᠠᠶ᠋ᠢᠷᠠᠭᠤᠯᠬᠤ ᠶ᠋ᠢ ᠬᠦᠰᠡᠪᠡᠰᠦ ᠭᠠᠯ ᠰᠤᠮᠤ—12
ᠠᠨᠤ᠄ ᠽᠠᠳᠢ᠂ ᠰᠢᠩᠭᠦᠨ᠂ ᠺᠠᠷᠤᠽᠤᠸᠠ᠂ ᠰᠢᠩᠽᠠ᠂ ᠵᠠ ᠭᠠ᠂ ᠰᠸᠪᠦᠷᠦ᠂ ᠪᠢᠪᠢᠯᠢᠩ᠂ ᠫᠣᠸᠠᠷᠢ᠂ ᠰᠦᠬᠮᠸᠯ᠂ ᠨᠢᠩᠱᠤᠱᠠ᠂
ᠠᠭᠠᠷᠤ᠂ ᠬᠥᠬᠥᠯ ᠊ᠢ ᠬᠤᠪᠢ ᠲᠠᠭᠰᠢ ᠨᠠᠶ᠋ᠢᠷᠠᠭᠤᠯᠵᠤ᠂ ᠠᠯᠢ ᠵᠣᠬᠢᠰ ᠲᠠᠢ ᠪᠠᠷ ᠨᠢ ᠳᠠᠷᠤᠭᠤᠯ᠃ ᠡᠨᠡ ᠴᠦ᠍ ᠪᠠᠰᠠ
ᠬᠡᠢ ᠶ᠋ᠢᠨ ᠢᠵᠠᠭᠤᠷ ᠪᠦᠬᠦᠨ ᠳ᠋ᠦ᠍ ᠲᠤᠰᠠᠲᠠᠢ᠃ ᠪᠠᠰᠠ ᠪᠦᠬᠦᠨ ᠊ᠢ ᠴᠢᠳᠠᠭᠴᠢ ᠶᠡᠷᠦ ᠶ᠋ᠢᠨ ᠲᠣᠰᠣᠨ ᠡᠮ ᠢᠨᠤ᠄
ᠠᠭᠠᠷ ᠭᠤᠨᠢᠶᠤᠳ 1 ᠯᠠᠩ᠂ ᠪᠢᠪᠢᠯᠢᠩ 5 ᠴᠢᠨ᠂ ᠽᠠᠳᠢ 6 ᠴᠢᠨ᠂ ᠰᠢᠩᠽᠠ 4 ᠴᠢᠨ᠂ ᠰᠦᠬᠮᠸᠯ 3 ᠴᠢᠨ᠂ ᠪᠤᠷᠠᠮ5
ᠯᠠᠩ᠂ ᠮᠥᠰᠥᠨ ᠰᠢᠬᠢᠷ 3 ᠯᠠᠩ ᠊ᠢ 21 ᠯᠠᠩ ᠦᠨᠢᠶᠡᠨ ᠲᠣᠰᠣᠨ ᠳ᠋ᠤᠷ ᠪᠤᠴᠠᠯᠭᠠᠬᠤ ᠶ᠋ᠢᠨ ᠲᠡᠳᠦᠢ ᠪᠣᠯᠤᠭᠰᠠᠨ
ᠬᠣᠶ᠋ᠢᠨ᠎ᠠ᠂ ᠡᠳᠦᠷ ᠪᠦᠷᠢ 5 ᠴᠢᠨ ᠊ᠢ ᠰᠢᠲᠦᠭᠦᠯᠪᠡᠰᠦ ᠬᠡᠢ ᠶ᠋ᠢᠨ ᠡᠪᠡᠳᠴᠢᠨ ᠳ᠋ᠦ᠍ ᠮᠠᠰᠢ ᠲᠤᠰᠠᠲᠠᠢ᠃
ᠭᠣᠣᠯ ᠵᠢᠷᠦᠬᠡᠨ ᠬᠡᠢ ᠪᠡᠷ ᠭᠠᠯᠵᠠᠭᠤᠷᠠᠨ
ᠦᠬᠦᠳᠬᠢᠬᠦ ᠳ᠋ᠦ᠍ᠷ ᠰᠢᠩᠭᠦᠨ᠂ ᠵᠠ ᠭᠠ᠂ ᠺᠠᠷᠤᠽᠤᠸᠠ᠂ ᠠᠬ᠎ᠠ ᠳᠡᠭᠦᠦ ᠭᠤᠷᠪᠠ ᠶ᠋ᠢᠨ ᠳᠠᠩ ᠢ᠋ᠶ᠋ᠠᠷ ᠵᠢᠯᠣᠭᠣᠳᠪᠠᠰᠤ
ᠰᠢᠨ᠎ᠡ ᠪᠠᠶ᠋ᠢᠬᠤ ᠦᠶᠡᠰ ᠲᠦ᠍ ᠲᠤᠰᠠᠲᠠᠢ᠃ ᠲᠡᠭᠦᠨ ᠦ᠌ ᠳᠡᠭᠡᠷ᠎ᠡ ᠨᠢᠩᠱᠤᠱᠠ᠂ ᠽᠠᠳᠢ᠂ ᠪᠢᠪᠢᠯᠢᠩ᠂ ᠫᠣᠸᠠᠷᠢ᠂
ᠰᠠᠢᠨ ᠠᠭᠠᠷᠤ᠂ ᠯᠢᠰᠢ᠂ ᠷᠦᠳᠠ᠂ ᠬᠠᠯᠮᠠᠭᠤᠶᠤᠤ᠂ ᠪᠤᠶ᠋ᠢᠭᠠᠷ᠂ ᠱᠠᠴᠢᠨ ᠊ᠢ ᠨᠠᠶ᠋ᠢᠷᠠᠭᠤᠯᠤᠬᠰᠠᠨ ᠴᠡᠷᠢᠭ ᠦ᠋ᠨ
ᠨᠣᠶᠠᠨ—13᠂ ᠡᠭᠦᠨ ᠊ᠢ ᠵᠢᠷᠦᠬᠡᠨ ᠦ᠌ ᠵᠦᠢᠯ ᠠᠯᠢ ᠣᠯᠳᠠᠭᠰᠠᠨ ᠤ᠋ ᠱᠥᠯᠥ ᠪᠡᠷ ᠳᠠᠷᠤᠭᠤᠯ᠂ ᠰᠢᠩᠭᠦᠨ᠂ ᠭᠣᠶᠣᠣ
ᠬᠣᠶᠠᠷ ᠊ᠢ ᠡᠷᠬᠢᠮ ᠪᠣᠯᠭᠠᠵᠤ᠂ ᠪᠤᠰᠤᠳ ᠊ᠢ ᠬᠤᠪᠢ ᠲᠠᠭᠰᠢ ᠨᠠᠶ᠋ᠢᠷᠠᠭᠤᠯᠪᠠᠰᠤ ᠮᠠᠭᠠᠳ ᠲᠤᠰᠠᠲᠠᠢ᠃ ᠡᠰᠡ ᠪᠥᠭᠡᠰᠦ
ᠲᠤᠰ ᠡᠮ ᠡᠴᠡ1 ᠯᠠᠩ᠂ ᠦᠬᠡᠷ᠂ ᠬᠣᠨᠢᠨ ᠤ᠋ ᠵᠢᠷᠦᠬᠡ 9᠂ ᠪᠥᠭᠡᠷ᠎ᠡ 9 ᠶ᠋ᠢ ᠰᠠᠶ᠋ᠢᠲᠤᠷ ᠬᠡᠷᠴᠢᠵᠦ᠂ ᠲᠣᠭᠣᠭᠠᠨ ᠳ᠋ᠤ᠌
ᠴᠡᠪᠡᠷ ᠤᠰᠤ ᠳᠦᠭᠦᠷᠭᠡᠨ ᠴᠢᠨᠠᠵᠤ᠂ ᠦᠨᠢᠶᠡᠨ ᠲᠣᠰᠣ᠂ ᠪᠤᠷᠠᠮ ᠠᠷᠪᠠ ᠠᠷᠪᠠᠨ ᠯᠠᠩ᠂ ᠰᠠᠭᠠᠯᠢ ᠶ᠋ᠢᠨ ᠠᠷᠢᠬᠢ ᠶ᠋ᠢ
ᠮᠢᠬᠠᠨ ᠱᠥᠯᠥ ᠶ᠋ᠢᠨ ᠬᠠᠭᠠᠰ ᠲᠠᠢ ᠬᠠᠮᠲᠤ ᠳ᠋ᠤᠨᠢ ᠬᠣᠯᠢᠵᠤ᠂ ᠡᠳᠦᠷ ᠪᠦᠷᠢ ᠨᠢᠭᠡ ᠠᠶᠠᠭ᠎ᠠ ᠶ᠋ᠢ ᠰᠢᠲᠦᠪᠡᠰᠦ
ᠬᠡᠢ ᠶ᠋ᠢᠨ ᠵᠦᠢᠯ ᠶᠡᠷᠦ ᠬᠢᠭᠡᠳ ᠪᠥᠭᠡᠷ᠎ᠡ ᠶ᠋ᠢᠨ ᠬᠡᠢ᠂ ᠭᠣᠣᠯ ᠵᠢᠷᠦᠬᠡᠨ ᠬᠡᠢ ᠳ᠋ᠦ᠍ ᠮᠠᠭᠠᠳ ᠲᠤᠰᠠᠯᠠᠨ᠎ᠠ᠃
ᠬᠡᠢ ᠪᠡᠷ ᠲᠣᠯᠣᠭᠠᠢ ᠡᠪᠡᠳᠪᠡᠰᠦ᠄
ᠪᠦᠬᠦᠯᠢ ᠬᠣᠨᠢᠨ ᠲᠣᠯᠣᠭᠠᠢ ᠶ᠋ᠢ ᠬᠢᠷᠪᠤᠰᠤᠯᠠᠭᠠᠳ ᠴᠢᠨᠠᠬᠤᠢ ᠳ᠋ᠤᠷ ᠰᠢᠩᠭᠦᠨ5 ᠹᠦᠨ᠂ ᠺᠠᠷᠤᠽᠤᠸᠠ3 ᠹᠦᠨ᠂ ᠪᠤᠷᠠᠮ1
ᠯᠠᠩ᠂ ᠰᠣᠩᠭᠢᠨ᠎ᠠ ᠲᠣᠰᠣ ᠶ᠋ᠢ ᠥᠴᠦᠬᠡᠨ ᠨᠡᠮᠡᠷᠢᠯᠡᠵᠦ ᠲᠣᠭᠣᠭ᠎ᠠ ᠪᠠᠷ ᠬᠥᠮᠥᠷᠢᠵᠦ ᠨᠢᠭᠡ ᠡᠳᠦᠷ ᠠᠯᠭᠤᠷ ᠰᠢᠲᠦᠪᠡᠰᠦ
ᠲᠤᠰᠠᠲᠠᠢ᠂ ᠡᠰᠡ ᠪᠥᠭᠡᠰᠦ ᠤᠷᠢᠳ ᠡᠮ ᠦ᠋ᠳ ᠦ᠋ᠨ ᠠᠯᠢᠨ ᠨᠢ ᠴᠦ᠍ ᠪᠣᠯᠤᠮᠤᠢ᠃
ᠬᠡᠢ ᠪᠡᠷ ᠨᠢᠳᠦᠨ ᠡᠴᠡ ᠨᠢᠯᠪᠤᠰᠤ
ᠴᠤᠪᠤᠷᠠᠪᠠᠰᠤ᠄ ᠭᠤᠨᠢᠶᠤᠳ ᠊ᠢ ᠭᠠᠬᠠᠢ ᠶ᠋ᠢᠨ ᠥᠭᠡᠬᠦᠨ ᠳ᠋ᠦ᠍ᠷ ᠨᠠᠶ᠋ᠢᠷᠠᠭᠤᠯᠵᠤ᠂ ᠬᠥᠯ ᠦ᠋ᠨ ᠤᠯᠠ ᠳ᠋ᠤᠨᠢ ᠰᠦᠷᠴᠢᠪᠡᠰᠦ
ᠮᠠᠰᠢ ᠲᠤᠰᠠᠯᠠᠮᠤᠢ᠃ ᠬᠥᠬᠥᠯ᠂ ᠪᠤᠶ᠋ᠢᠭᠠᠷ᠂ ᠪᠠᠩᠪᠤᠢ᠂ ᠰᠢᠩᠭᠦᠨ᠂ ᠷᠦᠳᠠ ᠶ᠋ᠢ ᠲᠣᠰᠣᠨ ᠳ᠋ᠤᠷ ᠨᠠᠶ᠋ᠢᠷᠠᠭᠤᠯᠤᠬᠰᠠᠨ
ᠲᠦᠭᠡᠭᠡᠭᠴᠢ— 6 ᠤ᠋ ᠤᠲᠤᠭ᠎ᠠ ᠪᠠᠷ ᠣᠲᠣᠪᠠᠰᠤ ᠬᠡᠢ ᠪᠦᠬᠦᠨ ᠊ᠢ ᠳᠠᠷᠤᠨ᠎ᠠ᠃ ᠴᠤᠯᠤ ᠰᠠᠪᠠ᠂ ᠮᠢᠬ᠎ᠠ᠂ ᠶᠠᠰᠤ᠂
ᠠᠷᠠᠰᠤᠨ ᠤ᠋ ᠬᠡᠢ ᠶ᠋ᠢᠨ ᠵᠦᠢᠯ ᠣᠯᠠᠨ ᠪᠣᠯᠪᠠᠴᠤ ᠤᠷᠢᠳᠤᠬᠢ ᠡᠮ ᠢ᠋ᠶ᠋ᠡᠷ ᠦᠯᠦ ᠲᠤᠰᠠᠯᠠᠬᠤ ᠦᠭᠡᠢ ᠲᠤᠯᠠ ᠡᠪᠡᠳᠴᠢᠨ ᠦ᠌
ᠭᠣᠣᠯ ᠯᠤᠭ᠎ᠠ ᠵᠣᠬᠢᠯᠳᠤᠬᠤ ᠨᠡᠮᠡᠷᠢ ᠲᠦᠯᠬᠢᠭᠴᠢ ᠭᠦᠨᠵᠡᠭᠡᠢ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠣᠤᠠᠬᠠᠨᠰᠣ ᠠ᠋
