ᠰᠢᠷᠠᠭᠳᠤᠭᠰᠠᠨ ᠰᠡᠳᠬᠢᠯ- ᠬᠣᠮᠪᠠШархдасан сэтгэл-хумба ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠷᠠᠭᠳᠤᠭᠰᠠᠨ ᠰᠡᠳᠬᠢᠯ- ᠬᠣᠮᠪᠠШархдасан сэтгэл-хумба

ᠰᠢᠷᠠᠭᠳᠤᠭᠰᠠᠨ ᠰᠡᠳᠬᠢᠯ- ᠬᠣᠮᠪᠠШархдасан сэтгэл-хумба

ᠠᠩᠭᠢᠯᠠᠯ:ᠳᠠᠭᠤᠤ ᠬᠥᠭᠵᠢᠮ
2023-05-01

221

ᠰᠢᠷᠠᠭᠳᠤᠭᠰᠠᠨ ᠰᠡᠳᠬᠢᠯ

   ᠦᠭᠡ ᠄ ᠠ᠊ · ᠫᠦᠷᠪᠦᠱ

   ᠠᠶ᠎ᠠ ᠳᠠᠭᠤᠤ ᠄ ᠬᠣᠮᠪᠠ

ᠣᠭᠣᠰᠣᠷ ᠪᠦᠴᠡ ᠦᠭᠡᠢ ᠬᠥᠮᠦᠨ ᠦ᠌ ᠣᠷᠴᠢᠯᠠᠩ ᠳ᠋ᠤ᠌
ᠣᠳᠣ ᠰᠠᠷᠠ ᠰᠢᠬ ᠬᠡᠷᠡᠯᠳᠦᠬᠦ ᠶ᠋ᠢ ᠪᠣᠳᠣᠭᠰᠠᠭᠠᠷ
ᠤᠴᠠᠷᠠᠬᠤ ᠬᠦᠰᠡᠯ ᠲᠡᠢ ᠡᠨᠡ ᠰᠥᠨᠢ
ᠣᠷᠣᠶ᠋ᠢᠲᠠᠭᠰᠠᠨ ᠬᠠᠶ᠋ᠢᠷ᠎ᠠ ᠪᠠᠨ ᠰᠡᠳᠬᠢᠨ ᠪᠠᠶ᠋ᠢᠨ᠎ᠠ ᠯᠠ ᠪᠢ
ᠰᠡᠳᠬᠢᠯ ᠳ᠋ᠦ᠍ ᠰᠢᠩᠭᠡᠭᠰᠡᠨ ᠴᠢᠮ᠎ᠠ ᠪᠠᠨ ᠪᠣᠳᠣᠬᠤ ᠳ᠋ᠤ᠌
ᠰᠠᠷᠠᠨ ᠤ᠋ ᠭᠡᠷᠡᠯ ᠳ᠋ᠦ᠍ ᠰᠡᠳᠬᠢᠯ ᠢ᠋ᠶ᠋ᠡᠨ ᠪᠢ ᠨᠢᠭᠤᠬᠤ ᠦᠭᠡᠢ
ᠰᠢᠷᠠᠭᠳᠤᠭᠰᠠᠨ ᠰᠡᠳᠬᠢᠯ ᠳ᠋ᠡᠭᠡᠨ ᠥᠪᠡᠷ ᠢ᠋ᠶ᠋ᠡᠨ ᠤᠶᠠᠷᠠᠭᠠᠳ
ᠰᠥᠨᠢ ᠶ᠋ᠢᠨ ᠣᠭᠲᠠᠷᠭᠤᠢ ᠶ᠋ᠢ ᠪᠠᠷᠠᠯᠠᠨ ᠵᠣᠭᠰᠣᠨ᠎ᠠ ᠯᠠ ᠪᠢ
ᠰᠠᠨᠠᠭᠠᠨ ᠳ᠋ᠤ᠌ ᠰᠢᠩᠭᠡᠭᠰᠡᠨ ᠴᠢᠮ᠎ᠠ ᠪᠠᠨ ᠪᠣᠳᠣᠬᠤ ᠳ᠋ᠤ᠌

ᠪᠣᠳᠣᠭᠰᠠᠨ ᠢ᠋ᠶ᠋ᠠᠷ ᠪᠣᠯᠳᠠᠭ ᠦᠭᠡᠢ ᠲᠣᠭᠣᠰᠣ ᠲᠠᠢ ᠬᠣᠷᠸ᠋᠎ᠠ ᠳ᠋ᠤ᠌
ᠪᠤᠯᠪᠠᠷᠠᠢ ᠴᠢᠮ᠎ᠠ ᠪᠠᠨ ᠰᠠᠨᠠᠨ ᠰᠠᠨᠠᠭᠰᠠᠭᠠᠷ
ᠬᠠᠮᠲᠤ ᠳ᠋ᠠᠭᠠᠨ ᠶᠠᠪᠤᠭᠰᠠᠨ ᠳᠤᠷᠠᠰᠤᠯ ᠳ᠋ᠤ᠌ ᠪᠠᠨ ᠰᠣᠭᠲᠣᠷᠤᠨ
ᠬᠠᠨᠢ ᠶ᠋ᠢᠨ ᠬᠦᠰᠡᠯ ᠊ᠢ ᠢᠷᠥᠭᠡᠲᠡᠵᠦ ᠰᠠᠭᠤᠨ᠎ᠠ ᠯᠠ ᠪᠢ
ᠰᠡᠳᠬᠢᠯ ᠳ᠋ᠦ᠍ ᠰᠢᠩᠭᠡᠭᠰᠡᠨ ᠴᠢᠮ᠎ᠠ ᠪᠠᠨ ᠪᠣᠳᠣᠬᠤ ᠳ᠋ᠤ᠌
ᠰᠠᠷᠠᠨ ᠤ᠋ ᠭᠡᠷᠡᠯ ᠳ᠋ᠦ᠍ ᠰᠡᠳᠬᠢᠯ ᠢ᠋ᠶ᠋ᠡᠨ ᠪᠢ ᠨᠢᠭᠤᠬᠤ ᠦᠭᠡᠢ
ᠰᠢᠷᠠᠭᠳᠤᠭᠰᠠᠨ ᠰᠡᠳᠬᠢᠯ ᠳ᠋ᠡᠭᠡᠨ ᠥᠪᠡᠷ ᠢ᠋ᠶ᠋ᠡᠨ ᠤᠶᠠᠷᠠᠭᠠᠳ
ᠰᠥᠨᠢ ᠶ᠋ᠢᠨ ᠣᠭᠲᠠᠷᠭᠤᠢ ᠶ᠋ᠢ ᠪᠠᠷᠠᠯᠠᠨ ᠵᠣᠭᠰᠣᠨ᠎ᠠ ᠯᠠ ᠪᠢ
ᠰᠠᠨᠠᠭᠠᠨ ᠳ᠋ᠤ᠌ ᠰᠢᠩᠭᠡᠭᠰᠡᠨ ᠴᠢᠮ᠎ᠠ ᠪᠠᠨ ᠪᠣᠳᠣᠬᠤ  ᠳ᠋ᠤ᠌
ᠰᠠᠷᠠᠨ ᠤ᠋ ᠭᠡᠷᠡᠯ ᠳ᠋ᠦ᠍ ᠰᠡᠳᠬᠢᠯ ᠢ᠋ᠶ᠋ᠡᠨ ᠪᠢ ᠨᠢᠭᠤᠬᠤ ᠦᠭᠡᠢ
ᠰᠢᠷᠠᠭᠳᠤᠭᠰᠠᠨ ᠰᠡᠳᠬᠢᠯ ᠳ᠋ᠡᠭᠡᠨ ᠥᠪᠡᠷ ᠢ᠋ᠶ᠋ᠡᠨ ᠤᠶᠠᠷᠠᠭᠠᠳ
ᠰᠥᠨᠢ ᠶ᠋ᠢᠨ ᠣᠭᠲᠠᠷᠭᠤᠢ ᠶ᠋ᠢ ᠪᠠᠷᠠᠯᠠᠨ ᠵᠣᠭᠰᠣᠨ᠎ᠠ ᠯᠠ ᠪᠢ

  ᠦᠰᠦᠭ ᠬᠠᠲᠠᠭᠰᠠᠨ ᠂ ᠦᠰᠦᠭ ᠠᠮᠢᠯᠠᠭᠤᠯᠤᠭᠰᠠᠨ ᠄ ᠤᠯᠭᠤᠨᠣᠳ ᠠᠶᠤᠰᠢ
  ᠬᠢᠨᠠᠭᠴᠢ ᠄ ᠮᠥᠴᠢᠷ