ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠵᠢᠷᠭᠤᠳᠤᠭᠠᠷ ᠪᠦᠯᠦᠭ Саран зэв – Зохиолч ᠂ Зураач – Т᠂ мандир ( Түүхэн тууж ) – Зургадугаар бүлэг
ᠰᠠᠷᠠᠨ ᠵᠡᠪᠡ – ᠵᠢᠷᠭᠤᠳᠤᠭᠠᠷ ᠪᠦᠯᠦᠭ
ᠴᠦᠯ ᠂ ᠳᠡᠯ ᠠ᠋ ᠶ᠋ᠢᠨ ᠴᠢᠮᠡᠭ ᠪᠣᠯᠤᠭᠰᠠᠨ ᠭᠠᠶ᠋ᠢᠬᠠᠮᠰᠢᠬᠳᠤ ᠴᠦᠢ ᠮᠥᠷᠡᠨ ᠪᠠᠷᠰ ᠊ᠤᠨ ᠬᠦᠷᠡᠩᠬᠡᠨ ᠠᠯᠲᠠᠢ ᠪᠠ ᠲᠡᠭᠦᠨ ᠊ᠤ ᠤᠭᠶᠦ ᠨᠣᠮᠢᠨ ᠲᠣᠯᠢ ᠲᠡᠮᠦᠷᠲᠦ( ᠢᠰᠢᠺᠣᠯ) ᠨᠠᠭᠤᠷ ᠠ᠋ᠴᠠ ᠡᠬᠢ ᠠᠪᠴᠤ ᠂ ᠠᠰᠢᠭ— ᠺᠦᠯ ᠨᠠᠭᠤᠷ ᠊ᠢ ᠲᠡᠳ᠋ᠭᠥᠬᠥ ᠬᠦᠷᠳᠡᠯ ᠡ᠋ ᠮᠢᠩᠭ᠎ᠠ ᠭᠠᠷᠤᠢ ᠪᠠᠷ ᠡ᠋ ᠭᠠᠵᠠᠷ ᠊ᠢ ᠳᠠᠭᠤᠯᠵᠤ ᠂ ᠪᠠᠯᠬᠠᠰᠢ ᠨᠠᠭᠤᠷ ᠠ᠋ᠴᠠ ᠠᠪᠣᠰᠺᠣᠨ ᠳᠠᠯᠠᠢ ᠶ᠋ᠢᠨ ᠬᠣᠷᠮᠣᠢ ᠳ᠋ᠤ᠌ ᠰᠢᠬᠠᠬᠤ ᠠᠭᠤᠳᠠᠮ ᠶᠡᠬᠡ ᠲᠠᠶ᠋ᠢᠳᠣ ᠶ᠋ᠢ ᠮᠣᠶᠣᠩᠺᠣᠮ ᠊ᠤᠨ ᠡᠯᠡᠰᠦ ᠂ ᠪᠠᠶᠠᠨ ᠳᠡᠯ ᠠ᠋ ᠭᠡᠰᠡᠨ ᠥᠩᠭᠡ ᠵᠢᠰᠦ ᠂ ᠦᠷᠡᠵᠢᠯ ᠰᠢᠮ ᠠ᠋ ᠪᠠᠷ ᠢᠯᠭᠠᠭᠠᠲᠠᠢ ᠬᠣᠶᠠᠷ ᠨᠣᠳᠣ᠊ᠭ ᠪᠣᠯᠭᠠᠨ ᠬᠣᠪᠢᠶᠠᠳᠠ᠊ᠭ ᠪᠢᠯᠡ᠃
ᠴᠦᠢ ᠮᠥᠷᠡᠨ ᠊ᠢ ᠳᠠᠭᠠᠵᠤ ᠂ ᠮᠣᠩᠭᠣᠯ ᠂ ᠣᠶ᠋ᠢᠭᠣᠷ ᠂ ᠬᠣᠲᠣᠩ ᠂ ᠬᠢᠪᠴᠠ᠊ᠭ ᠣᠯᠠᠨ ᠬᠡᠯᠡᠨ ᠊ᠤ ᠦᠨᠳᠦᠰᠦᠲᠡᠨ ᠵᠠᠭᠤᠨ ᠵᠠᠭᠤᠨ ᠢ᠋ᠶ᠋ᠠᠷ ᠢᠳᠡᠭᠡᠰᠢᠨ ᠰᠠᠭᠤᠵᠤ ᠢᠷᠡᠭᠰᠡᠨ ᠡᠴᠡ ᠡᠳᠦᠭᠡ ᠳᠠᠷᠤᠢ ᠶᠡᠬᠡ ᠪᠠᠭ᠎ᠠ ᠳᠥᠷᠪᠡᠨ ᠵᠠᠭᠤ ᠣᠷᠴᠢᠮ ᠰᠠᠭᠤᠷᠢᠨ ᠪᠠᠶ᠋ᠢᠯ ᠡ᠋᠃ ᠢᠯ ᠊ᠤᠨ ᠠᠯᠲᠠᠢ ᠠ᠋ᠴᠠ ᠡᠬᠢ ᠠᠪᠴᠤ ᠵᠢᠷᠠᠨ ᠪᠡᠷ᠎ᠡ ᠤᠷᠤᠰᠤᠭᠠᠳ ᠴᠦᠢ ᠮᠥᠷᠡᠨ ᠳ᠋ᠦ᠍ ᠴᠢᠳᠬᠤᠳᠠᠭ ᠬᠥᠪᠥᠭᠡ ᠭᠣᠣᠯ ᠊ᠤᠨ ᠪᠠᠯᠴᠢᠷ ᠳᠠᠬᠢ ᠲᠦᠷᠤᠯᠬᠦᠮᠤᠨ ᠪᠤᠶᠤ ᠲ᠋ᠸᠷᠯᠢᠺᠣᠨ ᠬᠣᠷᠣᠭ᠎ᠠ ᠪᠣᠯ ᠡᠳᠡᠭᠡᠷ ᠤᠳᠤᠮᠲᠤ ᠭᠠᠵᠠᠷ ᠊ᠤᠨ ᠨᠢᠭᠡ ᠪᠥᠭᠡᠳ ᠮᠢᠩᠭ᠎ᠠ ᠭᠠᠷᠤᠢ ᠵᠢᠯ ᠊ᠤᠨ ᠲᠡᠷᠲᠡᠭᠡ ᠬᠠᠩᠭᠠᠢ ᠬᠠᠨ ᠠ᠋ᠴᠠ ᠦᠷᠣᠨ᠌ᠠ᠋ ᠶ᠋ᠢ ᠵᠣᠷᠢᠨ ᠠᠶᠠᠯᠠᠭᠰᠠᠨ ᠾᠦᠨ ᠨᠠᠷ ᠊ᠤᠨ ᠨᠢᠭᠡᠨ ᠴᠤᠪᠤᠭᠠᠨ ᠠ᠋ᠴᠠ ᠦᠯᠡᠳᠡᠭᠰᠡᠨ ᠭᠡᠳᠡᠭ ᠠᠵᠤᠭᠤ᠃ ᠨᠢᠭᠡᠨ ᠴᠠᠭ ᠲ᠊ᠤ ᠥᠨᠳᠥᠷ ᠲᠡᠷᠭᠡᠲᠦ ᠭᠣᠤᠴᠸ ᠠᠶ᠋ᠢᠮᠠᠭ ᠊ᠤᠨ ᠬᠢᠨ ᠡᠨᠡ ᠭᠠᠵᠠᠷ ᠊ᠢ ᠮᠡᠳᠡᠵᠦ ᠠᠭᠰᠠᠨᠠ ᠺᠢᠶᠠᠨ ᠊ᠤ ᠲᠦᠷᠢᠯᠭᠡ ᠳ᠋ᠦ᠍ ᠠᠪᠲᠠᠭᠠᠳ ᠂ ᠡᠨᠡ ᠦᠶᠡᠰ ᠨᠢᠭᠡᠨᠲᠡ ᠬᠠᠷ ᠠ᠋ ᠬᠢᠳᠠᠨ ᠊ᠤ ᠳᠣᠷᠣᠨᠠᠲᠤ ᠬᠢᠵᠠᠭᠠᠷ ᠲ᠊ᠤ ᠪᠠᠭᠲᠠᠵᠤ ᠪᠠᠶ᠋ᠢᠯ ᠡ᠋᠃ ᠭᠡᠪᠡᠴᠦ ᠴᠠᠭ ᠬᠢᠭᠡᠳ ᠦᠢᠯᠡ ᠶᠠᠪᠤᠳᠠᠯ ᠪᠠᠷᠢᠮᠵᠢᠶᠠᠯᠠᠰᠢ ᠦᠭᠡᠢ ᠡᠷᠭᠢᠵᠦ ᠂ ᠤᠷᠪᠠᠬᠤ ᠦᠢ ᠠ᠋ ᠢᠷᠡᠭᠰᠡᠨ ᠲᠤᠯᠠ ᠲ᠋ᠸᠷᠯᠢᠺᠣᠨ ᠬᠣᠷᠣᠭᠠᠨ ᠊ᠤ ᠲᠦᠮᠡ ᠭᠠᠷᠤᠢ ᠡᠷᠦᠬᠡ ᠂ ᠴᠣᠬᠣᠮ ᠬᠡᠨ ᠊ᠤ ᠲᠣᠭᠣᠭᠠᠨ ᠳ᠋ᠤ᠌ ᠨᠠᠶ᠋ᠢᠳᠡᠵᠣ ᠂ ᠰᠢᠲᠦᠬᠦ ᠪᠡᠨ ᠪᠠᠰᠠ ᠯᠠ ᠰᠠᠢᠨ ᠮᠡᠳᠡᠬᠦ ᠦᠭᠡᠢ ᠂ ᠶᠠᠮᠠᠷ ᠪᠣᠯᠪᠠᠴᠤ ᠠᠷᠪᠠᠭᠠᠳ ᠵᠢᠯ ᠊ᠤᠨ ᠡᠮᠦᠨ᠎ᠡ ᠡᠨᠳᠡ ᠪᠠᠭᠤᠳᠠᠯᠯᠠᠵᠤ ᠂ ᠤᠯᠠᠮ ᠢ᠋ᠶ᠋ᠠᠷ ᠬᠦᠴᠦᠯᠦᠭ ᠬᠠᠭᠠᠨ ᠊ᠤ ᠲᠡᠳᠬᠦᠨ ᠳᠡᠮᠵᠢᠭᠰᠡᠨ ᠢ᠋ᠶ᠋ᠡᠷ ᠬᠣᠷᠣᠭᠠᠨ ᠊ᠤ ᠪᠦᠬᠥᠶ᠋ᠢᠯᠡ ᠡᠷᠬᠡ ᠮᠠᠲᠠᠯ ᠊ᠢ ᠪᠣᠷᠭᠣᠵᠤ ᠠᠪᠤᠭᠰᠠᠨ ᠮᠡᠷᠭᠢᠳ ᠊ᠤᠨ ᠨᠣᠶᠠᠳ ᠊ᠢ ᠯᠡ ᠬᠠᠷᠠᠵᠤ ᠪᠠᠭᠤᠵᠠᠢ᠃
ᠡᠨᠡ ᠨᠣᠶᠠᠳ ᠪᠣᠯ ᠣᠲᠣᠶ᠋ᠢᠲᠣ ᠮᠡᠷᠭᠢᠳ ᠦ᠋ᠨ ᠡᠵᠡᠨ ᠲᠣᠭᠲᠠᠭ᠎ᠠ ᠪᠡᠬᠢ ᠶ᠋ᠢᠨ ᠬᠥᠪᠡᠭᠦᠳ ᠂ ᠬᠣᠲᠣ ᠂ ᠴᠢᠯᠠᠭᠤᠨ ᠂ ᠭᠠᠯ ᠂ ᠴᠢᠪᠤᠭ ᠨᠠᠷ ᠪᠠᠶ᠋ᠢᠯ᠎ᠠ ᠃ ᠡᠨᠡ ᠬᠢᠷᠢ ᠭᠤᠴᠢᠨ ᠳᠥᠷᠪᠡᠨ ᠨᠠᠰᠤ ᠬᠦᠷᠴᠦ ᠪᠠᠶ᠋ᠢᠬᠰᠠᠨ ᠬᠣᠳᠣ ᠪᠣᠯ ᠬᠠᠷ᠎ᠠ ᠪᠠᠭ᠎ᠠ ᠠ᠋ᠴᠠ ᠪᠠᠨ ᠲᠥᠷᠥ ᠂ ᠴᠡᠷᠢᠭ ᠦ᠋ᠨ ᠡᠷᠳᠡᠮ ᠳ᠋ᠦ᠍ ᠨᠡᠪᠲᠡᠷᠡᠭᠰᠡᠨ ᠲᠡᠰᠪᠦᠷᠢ ᠬᠠᠲᠠᠭᠤᠵᠢᠯᠲᠠᠢ ᠂ ᠵᠢᠩᠬᠢᠨᠢ ᠳᠠᠶ᠋ᠢᠴᠢᠨ ᠡᠷ᠎ᠡ ᠪᠠᠶ᠋ᠢᠪᠠ ᠃ ᠰᠡᠯᠡᠩᠭᠡ ᠮᠥᠷᠡᠨ ᠡᠴᠡ ᠴᠦᠢ ᠮᠥᠷᠡᠨ ᠳ᠋ᠦ᠍ ᠬᠦᠷᠴᠦ ᠢᠷᠡᠭᠰᠡᠨ ᠲᠡᠭᠦᠨ ᠦ᠌ ᠠᠮᠢᠳᠤᠷᠠᠯ ᠤ᠋ᠨ ᠰᠡᠭᠦᠯᠴᠢ ᠶ᠋ᠢᠨ ᠠᠷᠪᠠᠨ ᠳᠥᠷᠪᠡᠨ ᠵᠢᠯ ᠪᠣᠯ ᠭᠤᠲᠤᠷᠠᠯ ᠂ ᠭᠤᠨᠢᠭ ᠂ ᠢᠯᠠᠭᠳᠠᠯ ᠬᠠᠷᠠᠮᠰᠠᠯ ᠢ᠋ᠶ᠋ᠠᠷ ᠳᠦᠭᠦᠷᠡᠩ ᠡᠮᠭᠡᠨᠢᠯᠲᠦ ᠮᠥᠴᠡᠯᠭᠡ ᠶᠦ᠍ᠮ ᠃ ᠬᠡᠷᠡᠶ᠋ᠢᠳ ᠦ᠋ᠨ ᠸᠠᠩ ᠬᠠᠨ ᠤ᠋ ᠳᠣᠪᠲᠣᠯᠭᠠᠨ ᠳ᠋ᠤ᠌ ᠤᠤᠭᠠᠨ ᠠᠬ᠎ᠠ ᠪᠠᠨ ᠬᠥᠨᠥᠭᠡᠯᠭᠡᠭᠡᠳ ᠂ ᠬᠥᠷ ᠬᠠᠨ ᠵᠠᠮᠤᠬ᠎ᠠ ᠲᠠᠢ ᠪᠦᠲᠦᠯ ᠮᠠᠭᠤᠲᠠᠢ ᠬᠣᠯᠪᠣᠭᠠᠯᠠᠨ ᠡᠴᠦᠰ ᠲᠦ᠋ᠨᠢ ᠴᠢᠩᠭᠢᠰ ᠬᠠᠭᠠᠨ ᠳ᠋ᠤ᠌ ᠪᠤᠲᠠ ᠨᠢᠷᠭᠡᠭᠦᠯᠦᠭᠰᠡᠨ ᠢ᠋ᠶ᠋ᠡᠷ ᠠᠪᠠᠯᠢ ᠡᠬᠡᠨᠡᠷ ᠢ᠋ᠶ᠋ᠡᠨ ᠴᠦ᠍ ᠠᠪᠲᠠᠭᠰᠠᠨ ᠨᠢ ᠲᠡᠭᠦᠨ ᠦ᠌ ᠬᠣᠬᠢᠷᠠᠯ ᠤ᠋ᠨ ᠡᠴᠦᠰ ᠪᠢᠰᠢ ᠪᠠᠶ᠋ᠢᠵᠠᠢ ᠃ ᠨᠠᠢ᠍ᠮᠠᠨ ᠠ᠋ᠴᠠ ᠪᠠᠭᠤᠯᠭᠠᠵᠤ ᠠᠪᠤᠭᠰᠠᠨ ᠲᠦᠷᠬᠢᠨ᠎ᠡ ᠬᠡᠮᠡᠬᠦ ᠲᠡᠷᠡ ᠵᠠᠯᠠᠭᠤ ᠭᠡᠷᠭᠡᠢ ᠶ᠋ᠢ ᠨᠢ ᠴᠢᠩᠭᠢᠰ ᠬᠠᠭᠠᠨ ᠬᠤᠳᠠᠭᠠᠢ ᠬᠥᠪᠡᠭᠦᠨ ᠥᠭᠡᠳᠡᠢ ᠳ᠋ᠡᠭᠡᠨ ᠥᠭᠴᠦ ᠡᠷᠲᠡᠨ ᠡᠴᠡ ᠢᠨᠠᠭᠰᠢ ᠮᠡᠷᠭᠢᠳ ᠂ ᠪᠣᠷᠵᠢᠭᠢᠨ ᠬᠣᠭᠣᠷᠣᠨᠳᠣ ᠪᠠᠨ ᠡᠮᠡᠰ ᠪᠤᠯᠢᠶᠠᠯᠳᠤᠵᠤ ᠶᠠᠪᠤᠭᠰᠠᠨ ᠤᠶ᠋ᠢᠯᠠ ᠳ᠋ᠤ᠌ ᠵᠠᠩᠭᠢᠯᠠᠭ᠎ᠠ ᠶ᠋ᠢᠨ ᠰᠡᠭᠦᠯᠴᠢ ᠶ᠋ᠢᠨ ᠣᠴᠢᠭ ᠰᠢᠩᠭᠡᠭᠡᠭᠰᠡᠨ ᠊ᠢ ᠬᠣᠳᠣ ᠪᠦᠷ ᠠᠯᠲᠠᠢ ᠶ᠋ᠢᠨ ᠨᠢᠷᠤᠭᠤᠨ ᠳ᠋ᠤ᠌ ᠬᠦᠷᠴᠦ ᠪᠠᠶ᠋ᠢᠵᠤ ᠰᠠᠶᠢ ᠰᠣᠨᠣᠰᠤᠭᠰᠠᠨ ᠰᠠᠨ ᠃ ᠲᠡᠭᠡᠬᠦ ᠳ᠋ᠦ᠍ ᠡᠴᠢᠭᠡ ᠲᠣᠭᠲᠠᠭ᠎ᠠ ᠪᠡᠬᠢ ᠨᠢ ᠪᠠᠰᠠ ᠯᠠ ᠭᠣᠷᠢ ᠲᠠᠰᠤᠷᠠᠭᠰᠠᠨ ᠦᠭᠡᠢ ᠤᠮᠠᠷᠠᠲᠤ ᠨᠠᠢ᠍ᠮᠠᠨ ᠤ᠋ ᠬᠦᠴᠦᠭᠦᠳ ᠪᠠᠶ᠋ᠢᠪᠣᠷ ᠬᠠᠨ ᠲᠠᠢ ᠬᠡᠯᠡᠯᠴᠡᠨ ᠴᠡᠷᠢᠭ ᠢ᠋ᠶ᠋ᠡᠨ ᠵᠠᠰᠠᠵᠤ ᠂ ᠴᠢᠩᠭᠢᠰ ᠬᠠᠭᠠᠨ ᠊ᠢ ᠠᠮᠠᠳᠠᠨ ᠰᠥᠨᠥᠭᠡᠬᠦ ᠪᠡᠷ ᠬᠥᠳᠡᠯᠵᠢ ᠃ ᠦᠬᠡᠷ ᠵᠢᠯ ᠦ᠋ᠨ ᠲᠡᠷᠡ ᠡᠪᠦᠯ ᠤᠭ ᠨᠢ ᠲᠡᠳᠡ ᠰᠢ᠍ᠢᠯᠬᠡᠮ ᠊ᠢ ᠡᠷᠲᠡᠬᠡᠨ ᠳᠠᠪᠠᠵᠤ ᠴᠢᠳᠠᠭᠰᠠᠨ ᠪᠣᠯ ᠠᠮᠵᠢᠯᠲᠠ ᠣᠯᠬᠤ ᠯᠠ ᠪᠠᠶ᠋ᠢᠵᠠᠢ ᠂ ᠳᠠᠩᠴᠤ ᠴᠢᠩᠭᠢᠰ ᠬᠠᠭᠠᠨ ᠲᠡᠳᠡᠨ ᠦ᠌ ᠲᠥᠯᠥᠪᠯᠡᠭᠡ ᠶ᠋ᠢ ᠠᠯᠢ ᠡᠷᠲᠡ ᠮᠡᠳᠡᠭᠡᠳ ᠤᠷᠤᠭᠰᠢᠯᠠᠭᠤᠷ ᠠᠩᠭᠢ ᠪᠠᠨ ᠮᠥᠩᠬᠡ ᠴᠠᠰᠤᠲᠤ ᠬᠦᠢᠲᠡᠨ ᠦ᠌ ᠣᠷᠭᠢᠯ ᠤ᠋ᠨ ᠡᠮᠤᠨᠡᠭᠦᠷᠬᠢ ᠠᠷᠤ ᠶ᠋ᠢᠨ ᠳᠠᠪᠠᠭ᠎ᠠ ᠪᠠᠷ ᠭᠠᠷᠭᠠᠵᠤ ᠂ ᠲᠡᠳᠡᠨ ᠦ᠌ ᠡᠭᠡᠬᠦ ᠵᠠᠮ ᠊ᠢ ᠲᠠᠰᠤᠯᠠᠮᠠᠭᠴᠠ ᠰᠣᠬᠣᠭ ᠤᠰᠤᠨ ᠤ᠋ ᠪᠣᠬᠠᠨᠲᠣᠷᠣᠮ ᠠ᠋ᠴᠠ ᠡᠬᠢᠯᠡᠨ ᠨᠤᠭᠤ ᠴᠣᠬᠢᠵᠤ ᠂ ᠮᠥᠰᠥᠨ ᠬᠠᠪᠴᠢᠯ ᠂ ᠴᠠᠰᠤᠨ ᠬᠤᠩᠭᠠᠷ ᠳᠤᠮᠳᠠᠭᠤᠷ ᠬᠥᠭᠡᠭᠡᠭᠰᠡᠭᠡᠷ ᠠᠭᠤᠯᠠ ᠪᠠᠷ ᠨᠢᠭᠡ ᠲᠠᠷᠬᠠᠭᠠᠵᠤ ᠣᠷᠬᠢᠵᠠᠢ ᠃ ᠵᠡᠷᠯᠢᠭ ᠰᠤᠮᠤᠨ ᠳ᠋ᠤ᠌ ᠠᠮᠢ ᠠᠯᠳᠠᠭᠰᠠᠨ ᠡᠴᠢᠭᠡ ᠶ᠋ᠢᠨ ᠢ᠋ᠶ᠋ᠡᠨ ᠴᠣᠭᠴᠠᠰ ᠊ᠢ ᠪᠦᠲᠦᠨ ᠢ᠋ᠶ᠋ᠡᠷ ᠨᠢ ᠠᠪᠴᠤ ᠶᠠᠪᠤᠬᠤ ᠠᠷᠭ᠎ᠠ ᠦᠭᠡᠢ ᠪᠣᠯᠤᠭᠰᠠᠨ ᠲᠤᠯᠠ ᠵᠥᠪᠬᠡᠨ ᠲᠡᠷᠢᠭᠦᠨ ᠊ᠢ ᠨᠢ ᠠᠪᠴᠤ ᠽᠠᠨᠳᠠᠨ ᠬᠠᠶ᠋ᠢᠷᠴᠠᠭ ᠲᠤ᠌ ᠠᠭᠤᠯᠤᠭᠠᠳ ᠳᠥᠷᠪᠡᠨ ᠬᠥᠪᠡᠭᠦᠨ ᠨᠢ ᠬᠠᠷᠯᠣᠭ ᠤ᠋ᠨ ᠵᠦᠭ ᠠᠮᠢ ᠵᠤᠯᠪᠠᠪᠠ ᠃
ᠬᠠᠷᠯᠣᠭ ᠤᠨ ᠬᠠᠨ ᠠᠷᠰᠯᠠᠨ ᠲᠡᠳᠡᠨ ᠢ ᠳᠣᠲᠤᠨᠤᠴᠢᠯᠠᠭᠰᠠᠨ ᠦᠭᠡᠢ ᠪᠣᠯᠪᠠᠴᠤ ᠪᠠᠰᠠ ᠠᠳᠠ ᠦᠵᠡᠭᠰᠡᠨ ᠦᠭᠡᠢ᠂ ᠭᠡᠪᠡᠴᠦ ᠳᠠᠷᠠᠭᠠᠬᠠᠨ ᠨᠢ ᠪᠠᠷᠯᠤᠰ ᠤ᠋ᠨ ᠬᠤᠪᠢᠯᠠᠢ
ᠨᠣᠶᠠᠨ ᠶᠡᠬᠡ ᠴᠡᠷᠢᠭ ᠠᠪᠴᠤ ᠢᠷᠡᠬᠦ ᠳ᠋ᠦ᠍ ᠠᠷᠰᠯᠠᠨ ᠬᠠᠨ ᠳᠠᠭᠠᠷ᠎ᠠ ᠣᠷᠣᠭᠰᠠᠨ ᠢ᠋ᠶ᠋ᠠᠷ ᠬᠣᠲᠣ᠌ ᠨᠠᠷ ᠴᠠᠭᠠᠰᠢᠯᠠᠵᠤ ᠤᠢᠭᠤᠷ ᠲᠤ᠌ ᠬᠦᠷᠴᠡᠢ᠃ ᠤᠢᠭᠤᠷ ᠤ᠋ᠨ ᠢᠳ᠋ᠬᠦᠳ᠋ ( ᠢᠳ᠋ᠬᠦᠳ᠋ ᠪᠤᠶᠤ ᠢᠳᠡᠭᠦᠳ ᠭᠡᠳᠡᠭ ᠨᠢ ᠬᠠᠨ ᠭᠡᠰᠡᠨ ᠤᠢᠭᠤᠷ ᠦᠭᠡ) ᠪᠠᠷᠵᠤᠭ - ᠠᠷᠳ᠋ - ᠲᠢᠬᠢᠨ ᠲᠡᠳᠡᠨ ᠢ᠋ ᠬᠢᠵᠠᠭᠠᠷ ᠲᠠᠭᠠᠨ ᠴᠤ᠌ ᠣᠷᠣᠭᠤᠯᠬᠤ ᠶ᠋ᠢ ᠬᠦᠰᠡᠭᠰᠡᠨ ᠦᠭᠡᠢ ᠳ᠋ᠦ᠍ ᠬᠣᠲᠣ᠌ ᠬᠣᠷᠣᠰᠴᠤ ᠂ ᠮᠡᠷᠭᠢᠳ ᠴᠡᠷᠢᠭ ᠦ᠋ᠨ ᠢ᠋ᠶ᠋ᠡᠨ ᠬᠦᠴᠦ ᠪᠡᠷ ᠳᠣᠪᠲᠤᠯᠤᠭᠠᠳ ᠦᠵᠡᠭᠰᠡᠨ ᠪᠤᠯᠪᠠᠴᠤ ᠳᠡᠢᠯᠦᠭᠰᠡᠨ ᠦᠭᠡᠢ᠂ ᠠᠱᠢᠭᠦᠢ ᠲᠡᠷᠡ ᠦᠶ᠎ᠡ ᠳ᠋ᠦ᠍ ᠳᠠᠶᠠᠩ ᠬᠠᠨ ᠤ᠋ ᠬᠦᠦ ᠬᠦᠴᠦᠯᠦᠭ ᠬᠠᠷ᠎ᠠ ᠬᠢᠳᠠᠨ ᠳ᠋ᠦ᠍ ᠰᠠᠭᠤᠷᠢᠰᠢᠵᠤ᠂ ᠬᠠᠭᠠᠨ ᠤ᠋ ᠬᠢᠨᠢ ᠬᠦᠷᠭᠡᠨ ᠪᠣᠯᠣᠭᠠᠳ ᠪᠠᠢᠭᠰᠠᠨ ᠲᠤᠯᠠ ᠲᠡᠭᠦᠨ ᠦ᠌ ᠨᠥᠮᠥᠷᠢ ᠳ᠋ᠦ᠍ ᠬᠣᠷᠭᠣᠳᠠᠨ ᠡᠨᠡ ᠬᠦ᠌ ᠲᠸᠷᠯᠢᠺᠦᠨ ᠬᠣᠷᠣᠭ᠎ᠠ
ᠶ᠋ᠢ ᠰᠣᠩᠭᠣᠵᠤ ᠰᠠᠭᠤᠷᠢᠰᠢᠪᠠ᠃ ᠠᠩᠬ᠎ᠠ ᠠᠪᠴᠤ ᠭᠠᠷᠤᠭᠰᠠᠨ ᠠᠢᠮᠠᠭ ᠤ᠋ᠨ ᠬᠢᠨᠢ ᠢᠷᠭᠡᠳ ᠵᠠᠮ ᠵᠠᠭᠤᠷ᠎ᠠ ᠬᠣᠴᠣᠷᠴᠤ ᠦᠯᠡᠳᠡᠭᠰᠡᠭᠡᠷ ᠰᠡᠢᠷᠡᠭᠰᠡᠨ ᠴᠦ᠍ ᠪᠠᠰᠠ ᠬᠠᠭᠠᠰ ᠲᠦᠮᠡ ᠭᠠᠷᠤᠢ ᠡᠷᠦᠭᠡ᠂ ᠵᠢᠭ᠍ᠰᠠᠭᠠᠪᠠᠯ ᠲᠦᠮᠡ ᠰᠢᠬᠠᠭᠤ ᠳᠠᠢᠴᠢᠨ ᠡᠷᠡᠰ᠂ ᠠᠷᠪᠠᠨ ᠰᠢᠭᠰᠢᠮᠡᠯ ᠬᠣᠷᠤᠭ᠎ᠠ ᠭᠠᠷᠭᠠᠬᠤ ᠲᠤᠯᠠ ᠬᠣᠲᠣ᠌ ᠶ᠋ᠢᠨ ᠰᠡᠳᠬᠢᠯ ᠠᠷᠠᠢ ᠥᠶᠦᠭ᠂ ᠭᠡᠪᠡᠴᠦ ᠡᠳᠦᠢ ᠭᠦᠷᠲᠡᠯ᠎ᠡ ᠦᠵᠡᠭᠰᠡᠨ ᠬᠣᠬᠢᠷᠠᠯ ᠡᠮᠭᠡᠨᠢᠯ ᠦ᠋ᠨ ᠬᠢᠨᠢ ᠰᠢᠷᠬ᠎ᠠ ᠠᠨᠠᠬᠤ ᠶᠠᠭᠠᠬᠢᠭ᠍ᠰᠠᠨ ᠴᠤ᠌ ᠦᠭᠡᠢ ᠪᠠᠢᠵᠠᠢ᠃ ᠵᠠᠷᠢᠮ ᠣᠷᠣᠢ ᠢᠲᠡᠭᠡᠯᠲᠦ ᠬᠡᠳᠦᠨ ᠬᠥᠮᠥᠨ ᠢ᠋ᠶ᠋ᠡᠨ ᠠᠪᠴᠤ ᠭᠤᠶ᠎ᠠ ᠣᠩᠭᠣᠴᠠ ᠰᠡᠯᠢᠨ ᠭᠤᠪᠴᠢᠭᠤᠷ ᠣᠷᠬᠢᠵᠤ ᠵᠢᠭᠠᠰᠤᠴᠢᠯᠠᠬᠤ ᠳ᠋ᠠᠭᠠᠨ ᠥᠷᠭᠡᠨ ᠶᠡᠬᠡ ᠰᠡᠯᠡᠩᠭᠡ ᠮᠥᠷᠡᠨ ᠢ᠋ᠶ᠋ᠡᠨ ᠰᠠᠨᠠᠭᠠᠯᠵᠠᠨ᠂ ᠨᠣᠢᠲᠠᠨ ᠪᠤᠷᠭᠠᠰᠤ ᠤᠭᠤᠭᠢᠭᠤᠯᠵᠤ᠂ ᠵᠢᠭᠠᠰᠤ ᠣᠳᠣᠵᠤ ᠰᠠᠭᠤᠭᠰᠠᠨ ᠦᠶ᠎ᠡ ᠶ᠋ᠢᠨ ᠨᠥᠬᠥᠳ ᠢ᠋ᠶ᠋ᠡᠨ ᠳᠤᠷᠠᠰᠬᠤ ᠳ᠋ᠤ᠌ ᠲᠡᠳᠡᠨ ᠦ᠌ ᠣᠯᠠᠩᠬᠢ ᠨᠢ ᠨᠢᠭᠡᠨᠲᠡ ᠦᠭᠡᠢ ᠪᠣᠯᠣᠭᠠᠳ᠂ ᠡᠬᠡᠨᠡᠷ ᠬᠡᠦᠬᠡᠳ ᠤᠳᠤᠮ ᠤᠭᠰᠠᠭ᠎ᠠ ᠨᠢ ᠬᠠᠮᠢᠭ᠎ᠠ ᠪᠠᠢᠭ᠎ᠠ ᠶ᠋ᠢ ᠲᠣᠳᠣᠷᠠᠭᠤᠯᠬᠤ ᠨᠢ ᠪᠡᠷᠬᠡ ᠪᠣᠯᠤᠭᠰᠠᠨ
ᠢ᠋ ᠭᠠᠢᠬᠠᠨ ᠪᠤᠳᠣᠵᠤ ᠂ ᠬᠠᠳᠠᠨ ᠵᠢᠷᠦᠬᠡ ᠨᠢ ᠤᠯᠠᠮ ᠴᠤ᠌ ᠡᠪᠡᠷᠰᠢᠶᠡᠨ ᠰᠢᠨᠠᠯᠬᠤ ᠪᠦᠯᠦᠭᠡ᠃ ᠰᠦᠪᠡᠭᠡᠳᠡᠢ ᠪᠠᠭᠠᠲᠤᠷ ᠤ᠋ᠨ ᠴᠡᠷᠢᠭ ᠬᠥᠪᠥᠭᠡ ᠭᠣᠣᠯ ᠤ᠋ᠨ ᠬᠥᠨᠳᠡᠢ ᠳ᠋ᠦ᠍ ᠢᠷᠡᠵᠦ ᠪᠠᠭᠤᠭᠰᠠᠨ ᠢ᠋ ᠲᠡᠷᠡ ᠲᠤᠩ ᠬᠣᠵᠢᠭᠤ ᠮᠠᠲᠠᠵᠠᠢ᠃
ᠤᠭ ᠨᠢ ᠨᠡᠬᠡᠬᠦ ᠴᠡᠷᠢᠭ ᠢᠷᠡᠨ᠎ᠡ ᠭᠡᠵᠦ ᠬᠡᠳᠦᠨ ᠵᠢᠯ ᠦ᠋ᠨ ᠲᠤᠷᠰᠢ ᠬᠦᠯᠢᠶᠡᠵᠦ᠂ ᠲᠤᠷᠰᠢᠭᠤᠯ ᠲᠠᠯᠪᠢᠭᠰᠠᠭᠠᠷ ᠠᠲᠠᠯ᠎ᠠ ᠶᠠᠭᠠᠬᠢᠵᠤ ᠡᠢᠭᠡᠳ ᠯᠡ ᠮᠡᠬᠡᠯᠡᠭᠳᠡᠵᠦ᠂ ᠣᠳᠣ ᠨᠢᠭᠡᠨᠲᠡ ᠬᠠᠪᠢᠷᠭᠠᠯᠠᠨ ᠪᠠᠭᠤᠴᠢᠬᠠᠭᠠᠳ ᠪᠠᠢᠭ᠎ᠠ ᠲᠤᠯᠠ ᠶᠠᠭᠠᠷᠠᠨ ᠵᠠᠢᠯᠠᠪᠠᠯ ᠪᠦᠷ ᠴᠦ᠍ ᠬᠢᠯᠪᠠᠷ ᠳᠡᠢᠯᠳᠡᠬᠦ ᠪᠣᠳᠣᠯᠭ᠎ᠠ ᠦᠭᠡᠢ ᠠᠯᠬᠤᠮ ᠪᠣᠯᠤᠨ᠎ᠠ᠃ ᠭᠡᠲᠡᠯ᠎ᠡ ᠪᠠᠰᠠ ᠤᠭᠲᠤᠨ ᠪᠠᠢᠯᠳᠤᠬᠤ ᠠ᠋ᠴᠠ ᠪᠣᠯᠭᠣᠮᠵᠢᠯᠠᠨᠠ᠃ ᠰᠡᠭᠦᠯ ᠦ᠋ᠨ ᠬᠡᠳᠦᠨ ᠡᠳᠦᠷ ᠡᠨᠡ ᠲᠤᠬᠠᠢ ᠬᠡᠯᠡᠯᠴᠡᠬᠦ ᠳ᠋ᠦ᠍ ᠬᠣᠲᠣ ᠢᠮᠠᠭᠲᠠ ᠭᠠᠭᠴᠠᠭᠠᠷᠳᠠᠬᠤ ᠪᠣᠯᠪᠠ᠃ ᠲᠡᠭᠡᠭᠡᠳ ᠴᠦ᠍ ᠲᠡᠷᠡ ᠤᠤ᠂ ᠴᠢᠷᠢᠭ ᠢ᠋ᠶ᠋ᠡᠨ ᠪᠣᠯᠪᠠᠰᠤᠷᠠᠭᠤᠯᠬᠤ ᠭᠡᠳᠡᠭ ᠢ᠋ᠶ᠋ᠡᠷ ᠰᠢᠯᠲᠠᠭᠯᠠᠨ ᠬᠣᠳᠣ ᠭᠣᠣᠯ ᠲᠥᠯᠥᠪ ᠭᠠᠳᠠᠭᠠᠳᠤ ᠬᠦᠷᠢᠶᠡᠨ ᠳ᠋ᠦ᠍ ᠬᠣᠨᠣᠨ ᠥᠨᠵᠢᠵᠦ᠂ ᠳᠡᠭᠦᠦ ᠨᠠᠷ ᠠ᠋ᠴᠠ ᠪᠠᠨ ᠪᠠᠬᠠᠨ ᠵᠠᠢᠯᠠᠰᠬᠢᠭ᠌ᠰᠠᠭᠠᠷ ᠠᠪᠠᠢ᠃ ᠳᠤᠮᠳᠠ ᠳᠡᠭᠦᠦ ᠴᠢᠯᠠᠭᠤᠨ ᠨᠢ ᠬᠣᠷᠣᠭ᠎ᠠ ᠶ᠋ᠢ ᠵᠠᠬᠢᠷᠴᠤ᠂ ᠬᠣᠰ ᠣᠷᠳᠣᠨ ᠳ᠋ᠤ᠌ ᠰᠠᠭᠤᠭ᠎ᠠ ᠬᠦᠴᠦᠯᠦᠭ ᠬᠠᠨ ᠲᠠᠢ ᠬᠣᠯᠪᠣᠭ᠎ᠠ ᠪᠠᠷᠢᠬᠤ ᠪᠠ ᠲᠠᠪᠤᠳᠤᠭᠠᠷ ᠳᠡᠭᠦᠦ ᠭᠠᠯ ᠪᠣᠯᠪᠠᠰᠤ ᠤᠢᠭᠤᠷ᠂ ᠠᠯᠢᠮᠠᠷ᠂ ᠬᠠᠷᠯᠤᠭ ᠤ᠋ᠨ ᠵᠦᠭ ᠡᠴᠡ ᠬᠠᠯᠳᠠᠬᠤ ᠶ᠋ᠢ ᠰᠡᠷᠡᠮᠵᠢᠯᠡᠵᠦ᠂ ᠳᠡᠭᠡᠷ᠎ᠡ ᠨᠢ ᠬᠤᠷᠸᠽᠡᠮ ᠦ᠋ᠨ ᠱᠠᠭ ᠲᠠᠢ ᠨᠢᠭᠤᠴᠠ ᠡᠯᠴᠢ ᠪᠡᠷ ᠡᠪ ᠡᠶ᠎ᠡ ᠶ᠋ᠢ ᠰᠠᠬᠢᠵᠤ᠂ ᠴᠢᠨᠠᠭᠰᠢ ᠬᠢᠪᠴᠠᠭ ᠯᠤᠭ᠎ᠠ ᠰᠦᠯᠪᠡᠭᠡᠯᠳᠦᠬᠦ ᠵᠠᠮ ᠊ᠢ ᠵᠠᠰᠠᠵᠤ ᠪᠣᠢ᠃ ᠤᠳᠬᠤᠨ ᠳᠡᠭᠦᠦ ᠴᠢᠪᠤᠭ ᠣᠢ ᠶ᠋ᠢᠨ ᠢᠷᠭᠡᠳ ᠤᠷᠤᠭᠤ ᠤᠳᠤᠭᠠᠳ ᠡᠳᠦᠭᠡ ᠨᠢᠭᠡᠨᠲᠡ ᠢᠷᠡᠬᠦ ᠳᠥᠭᠥᠵᠡᠢ᠃ ᠬᠣᠳᠣ ᠶ᠋ᠢᠨ ᠳᠡᠷᠭᠡᠳᠡ ᠮᠡᠷᠭᠢᠳ ᠠᠢᠮᠠᠭ ᠤ᠋ᠨ ᠬᠢᠨ ᠦ᠌ ᠲᠦᠰᠢᠶ᠎ᠡ ᠪᠣᠯᠵᠤ ᠢᠷᠡᠭᠰᠡᠨ ᠬᠣᠶᠠᠷ ᠪᠠᠭᠠᠲᠤᠷ ᠨᠢ ᠪᠠᠢᠯ᠎ᠠ᠃ ᠢᠭᠡᠷᠡᠰ ᠣᠪᠣᠭ ᠤ᠋ᠨ ᠪᠣᠳᠣᠭᠤᠯ᠂ ᠲᠦᠮᠡᠳ ᠦ᠋ᠨ ᠳᠠᠯᠳᠤ - ᠬᠠᠷ᠎ᠠ ᠬᠡᠮᠡᠬᠦ ᠲᠡᠷᠡ ᠬᠣᠶᠠᠷ ᠶᠡᠬᠡᠰ ᠵᠢᠭᠰᠠᠭᠠᠯ ᠊ᠢ ᠰᠢᠪᠳᠤᠯᠠᠨ᠂ ᠬᠦᠷᠢᠶ᠎ᠡ ᠶ᠋ᠢ ᠳᠣᠪᠲᠣᠯᠬᠤ ᠳ᠋ᠤ᠌ ᠶᠡᠷᠦ ᠬᠡᠨ ᠡᠴᠡ ᠴᠦ᠍ ᠳᠤᠲᠠᠬᠤ ᠦᠭᠡᠢ ᠪᠣᠯᠪᠠᠴᠤ ᠪᠣᠳᠣᠯᠭ᠎ᠠ ᠪᠣᠯᠪᠠᠰᠤᠷᠠᠭᠤᠯᠵᠤ᠂ ᠠᠷᠪᠠᠨ ᠡᠳᠦᠷ ᠦ᠋ᠨ ᠴᠢᠨᠠᠭᠰᠢᠬᠢ ᠶ᠋ᠢ ᠰᠡᠷᠭᠡᠢᠯᠡᠬᠦ ᠴᠢᠳᠠᠪᠤᠷᠢ ᠮᠡᠬᠦᠰ ᠲᠤᠯᠠ ᠬᠣᠲᠣ ᠪᠠᠬᠠᠨ ᠬᠠᠷᠠᠮᠰᠠᠨ᠎ᠠ᠃ ᠴᠣᠬᠣᠮ ᠡᠢᠮᠦ ᠪᠣᠳᠣᠯᠭᠠᠲᠤ ᠬᠥᠮᠦᠰ ᠢ᠋ᠶ᠋ᠡᠷ ᠭᠠᠴᠢᠭᠳᠠᠭᠰᠠᠨ ᠳ᠋ᠠᠭᠠᠨ ᠯᠠ ᠮᠡᠷᠭᠢᠳ᠂ ᠨᠠᠢ᠍ᠮᠠᠨ᠂ ᠬᠡᠷᠡᠢᠳ᠂ ᠲᠠᠲᠷ ᠵᠡᠷᠭᠡ ᠡᠷᠲᠡᠨ ᠦ᠌ ᠰᠤᠷᠪᠤᠯᠵᠢᠲᠤ ᠬᠦᠴᠦᠷᠬᠡᠭ ᠠᠢᠮᠠᠭ ᠤᠯᠤᠰ ᠤ᠋ᠳ ᠲᠡᠮᠦᠵᠢᠨ ᠦ᠌ ᠥᠯᠮᠡᠢ ᠳ᠋ᠦ᠍ ᠰᠥᠬᠥᠷᠡᠨ ᠳᠠᠭᠠᠵᠤ ᠪᠠᠢᠭ᠎ᠠ ᠶᠤᠮ ᠭᠡᠳᠡᠭ ᠊ᠢ ᠬᠣᠲᠣ ᠰᠡᠭᠦᠯ ᠦ᠋ᠨ ᠦᠶ᠎ᠡ ᠳ᠋ᠦ᠍ ᠰᠠᠢᠨ ᠣᠢᠯᠠᠭᠠᠬᠤ ᠪᠣᠯᠵᠠᠢ᠃ ᠪᠤᠭᠤᠷᠴᠢ᠂ ᠮᠤᠬᠤᠯᠠᠢ᠂ ᠵᠠᠯᠠᠮ᠎ᠠ᠂ ᠬᠤᠪᠢᠯᠠᠢ ᠂ ᠵᠡᠪᠡ ᠡᠳᠡᠨ ᠦ᠌ ᠵᠥᠪᠬᠡᠨ ᠨᠢᠭᠡ ᠨᠢ ᠬᠣᠲᠣ ᠳ᠋ᠤ᠌ ᠬᠦᠴᠦᠨ ᠵᠢᠳᠬᠦᠵᠦ ᠠᠭᠰᠠᠨ ᠪᠣᠯ᠂᠂᠂᠂ ᠭᠡᠵᠦ ᠪᠣᠳᠣᠭᠳᠠᠬᠤ ᠨᠢ ᠴᠦ᠍ ᠪᠣᠢ᠃ ᠡᠳᠦᠭᠡ ᠲᠸᠷᠯᠢᠺᠦᠨ ᠬᠤᠷᠤᠭᠤᠨ ᠠ᠋ᠴᠠ ᠬᠡᠳᠦᠬᠡᠨ ᠪᠠᠷ᠎ᠠ ᠶ᠋ᠢᠨ ᠵᠠᠢ ᠳ᠋ᠤ᠌ ᠪᠠᠭᠤᠳᠠᠯᠯᠠᠭᠠᠳ ᠭᠤᠷᠪᠠ ᠬᠣᠨᠣᠭ ᠲᠠᠭ ᠴᠢᠭ ᠪᠣᠯᠵᠤ ᠣᠷᠬᠢᠭᠰᠠᠨ ᠤᠷᠢᠶᠠᠩᠬᠠᠢ ᠶ᠋ᠢᠨ ᠰᠦᠪᠡᠭᠡᠳᠡᠢ ᠪᠠᠭᠠᠲᠤᠷ ᠴᠤ᠌ ᠲᠡᠷᠡ ᠰᠠᠢᠴᠤᠤᠯ ᠤ᠋ᠨ ᠡᠩᠨᠡᠭᠡᠨ ᠦ᠌ ᠬᠥᠮᠦᠨ᠃《 ᠶᠠᠮᠠᠷ ᠭᠡᠭᠴᠢ ᠣᠳᠣᠳ ᠤ᠋ᠨ ᠬᠤᠪᠢᠯᠭᠠᠨ ᠵᠡᠷᠭᠡᠴᠡᠨ ᠪᠠᠭᠤᠬᠤ ᠪᠠᠷ ᠢ᠋ᠶ᠋ᠠᠨ ᠲᠡᠮᠦᠵᠢᠨ ᠢ᠋ ᠢᠩᠭᠢᠵᠦ ᠬᠦᠷᠢᠶᠡᠯᠡᠳᠡᠭ ᠪᠠᠢᠨ᠎ᠠ ᠪᠣᠢ》 ᠭᠡᠵᠦ ᠨᠠᠰᠤ ᠡᠯᠡᠭᠡᠭᠰᠡᠨ ᠡᠴᠢᠭᠡ ᠲᠣᠭᠲᠠᠭ᠎ᠠ ᠪᠡᠬᠢ ᠨᠢ ᠲᠡᠢᠷ – ᠤᠰᠤᠨ ᠨᠣᠶᠠᠨ ᠲᠠᠢ ᠬᠡᠯᠡᠯᠴᠡᠵᠦ ᠰᠠᠭᠤᠬᠤ ᠳ᠋ᠠᠭᠠᠨ ᠥᠭᠦᠯᠡᠭᠰᠡᠨ ᠢ᠋ ᠬᠣᠲᠣ ᠶᠡᠷᠦ ᠮᠠᠷᠲᠠᠳᠠᠭ ᠦᠭᠡᠢ ᠶᠤᠮ᠃
《 ᠢᠩᠭᠢᠬᠦ ᠳ᠋ᠦ᠍ ᠰᠦᠪᠡᠭᠡᠲᠡᠢ ᠶᠠᠭᠠᠬᠢᠬᠤ ᠭᠡᠳ ᠪᠠᠶ᠋ᠢᠨ᠎ᠠ ᠪᠣᠢ ? 》 ᠭᠡᠵᠦ ᠬᠣᠲᠣ ᠰᠡᠳᠬᠢᠯ ᠲᠦᠭᠰᠢᠨ ᠰᠢᠪ ᠰᠢᠪ ᠃ ᠪᠣᠳᠣᠭᠤᠯ ᠂ ᠳᠠᠯᠳᠤ — ᠬᠠᠷ᠎ᠠ ᠬᠣᠶᠠᠭᠤᠯᠠ ᠪᠠᠨ ᠴᠡᠷᠢᠭ ᠢ᠋ᠶ᠋ᠡᠨ ᠰᠤᠷᠭᠠᠭᠤᠯᠢᠯᠠᠬᠤ ᠪᠠᠷ ᠭᠠᠷᠴᠤ ᠂ ᠪᠠᠭ᠎ᠠ ᠦᠳᠡ ᠥᠩᠭᠡᠷᠡᠭᠡᠳ ᠵᠢᠭᠠᠬᠠᠨ ᠨᠠᠮ ᠰᠡᠯᠡᠭᠦᠨ ᠪᠣᠯᠤᠭᠰᠠᠨ ᠲᠤᠯᠠ ᠬᠣᠲᠣ ᠲᠦᠷᠢᠯᠭᠡ ᠳᠠᠷᠤᠨ ᠡᠷᠢᠶᠡᠨ ᠠᠰᠠᠷ ᠲᠠᠭᠠᠨ ᠭᠠᠭᠴᠠᠭᠠᠷ ᠰᠠᠭᠤᠵᠤ ᠪᠠᠶ᠋ᠢᠯ᠎ᠠ ᠃ ᠠᠷᠤ ᠶ᠋ᠢᠨ ᠬᠡᠪᠢᠰ ᠦ᠋ᠨ ᠣᠷᠬᠢᠭᠤᠯ ᠊ᠢ ᠴᠠᠯᠠᠶ᠋ᠢᠲᠠᠯᠠ ᠨᠡᠭᠡᠭᠡᠵᠦ ᠂ ᠬᠠᠶᠠᠭ᠎ᠠ ᠶ᠋ᠢ ᠨᠢ ᠰᠢᠭᠤᠭᠰᠠᠨ ᠲᠤᠯᠠ ᠰᠡᠷᠢᠭᠦᠬᠡᠨ ᠂ ᠡᠨᠳᠡ ᠬᠦᠷᠢᠶ᠎ᠡ ᠪᠠᠭᠤᠭᠠᠳ ᠤᠳᠠᠭᠰᠠᠨ ᠦᠭᠡᠢ ᠪᠣᠯᠬᠣᠷ ᠰᠢᠷᠢᠩᠭᠢ ᠵᠦᠯᠭᠡ ᠰᠢᠨᠡᠬᠡᠨ ᠢ᠋ᠶ᠋ᠡᠷ ᠢ᠋ᠶ᠋ᠡᠨ ᠂ ᠠᠩᠬᠢᠯᠤᠮ᠎ᠠ ᠲᠠᠭᠠᠲᠠᠢ ᠪᠠᠶ᠋ᠢᠨ᠎ᠠ ᠃ ᠰᠦᠪᠡᠭᠡᠲᠡᠢ ᠶᠢᠨ ᠬᠦᠷᠢᠶ᠎ᠡ ᠶ᠋ᠢ ᠲᠣᠭᠣᠷᠢᠭᠤᠯᠤᠨ ᠪᠠᠷ᠎ᠠ ᠪᠠᠷ᠎ᠠ ᠪᠠᠨ ᠬᠠᠷᠠᠬᠤ ᠭᠠᠵᠠᠷ ᠬᠠᠷᠠᠭᠤᠯᠴᠢᠳ ᠊ᠢ ᠲᠠᠯᠪᠢᠵᠤ ᠂ ᠰᠥᠨᠢ ᠶᠢᠨ ᠴᠠᠭ ᠲᠤ᠌ ᠴᠤ᠌ ᠲᠡᠳᠡᠨ ᠦ᠌ ᠴᠡᠷᠢᠭ ᠦ᠋ᠨ ᠥᠴᠦᠬᠡᠨ ᠲᠡᠳᠦᠢ ᠬᠥᠳᠡᠯᠭᠡᠭᠡᠨ ᠊ᠢ ᠠᠯᠳᠠᠯ ᠦᠭᠡᠢ ᠠᠵᠢᠭᠯᠠᠨ ᠬᠤᠭᠤᠰ ᠴᠠᠭ ᠲᠤ᠌ ᠠᠮᠵᠢᠵᠤ ᠮᠡᠳᠡᠭᠡᠯᠡᠬᠦ ᠪᠣᠯᠤᠮᠵᠢ ᠲᠠᠢ ᠪᠤᠯᠭᠠᠭᠰᠨ ᠲᠤᠯᠠ ᠬᠣᠳᠣ ᠭᠡᠨᠡᠳᠲᠡ ᠶᠢᠨ ᠳᠠᠭᠠᠷᠢᠯᠲᠠ ᠳ᠋ᠤ᠌ ᠥᠷᠳᠡᠬᠦ ᠡᠴᠡ ᠠᠶᠤᠬᠤ ᠦᠭᠡᠢ ᠪᠠᠶ᠋ᠢᠯ᠎ᠠ ᠃ ᠭᠡᠲᠡᠯ᠎ᠡ ᠰᠦᠪᠡᠭᠡᠲᠡᠢ ᠳᠣᠪᠲᠣᠯᠬᠤ ᠶᠠᠮᠠᠷ ᠴᠤ᠌ ᠰᠡᠵᠢᠮ ᠭᠠᠷᠭᠠᠭᠰᠠᠨ ᠦᠭᠡᠢ ᠃ ᠡᠨᠡ ᠨᠢ ᠪᠦᠷ ᠴᠦ᠍ ᠵᠣᠪᠠᠭᠤᠷᠢᠲᠠᠢ ᠃ ᠬᠦᠴᠦᠯᠦᠭ ᠬᠠᠨ ᠤ᠋ ᠪᠣᠳᠣᠯᠭ᠎ᠠ ᠦᠭᠡᠢ ᠦᠢᠯᠡ ᠠᠵᠢᠯ ᠪᠦᠷ ᠴᠦ᠍ ᠡᠭᠳᠡᠭᠦᠦ ᠶ᠋ᠢ ᠨᠢ ᠬᠦᠷᠭᠡᠨ᠎ᠡ ᠃ ᠬᠠᠷ᠎ᠠ ᠬᠢᠳᠠᠨ ᠤ᠋ ᠬᠠᠨ ᠰᠢᠷᠡᠭᠡ ᠶ᠋ᠢ ᠬᠢᠯᠪᠠᠷᠬᠠᠨ ᠡᠵᠡᠯᠡᠵᠦ ᠠᠪᠤᠭᠰᠠᠨ ᠳ᠋ᠠᠭᠠᠨ ᠣᠮᠣᠭᠰᠢᠵᠤ ᠪᠣᠯᠤᠨ᠎ᠠ ᠯᠠ ᠳᠠ ᠂ ᠭᠡᠲᠡᠯ᠎ᠡ ᠲᠡᠷᠡ ᠢᠰᠯᠠᠮ ᠤ᠋ᠨ ᠰᠠᠬᠢᠯᠲᠠᠨ ᠢ᠋ᠶ᠋ᠠᠷ ᠣᠷᠣᠯᠳᠣᠨ᠎ᠠ ᠭᠡᠳᠡᠭ ᠲᠠᠩᠳᠠᠭᠰᠠᠨ ᠬᠡᠷᠡᠭ ᠃ ᠲᠣᠯᠣᠭᠠᠢ ᠬᠠᠪᠴᠢᠭᠤᠯᠵᠤ ᠪᠠᠶ᠋ᠢᠬ᠋᠎ᠠ ᠲᠡᠷᠡ ᠣᠷᠣᠨ ᠤ᠋ ᠪᠠᠨ ᠱᠠᠰᠢᠨ ᠰᠢᠲᠦᠯᠭᠡ ᠶ᠋ᠢ ᠪᠠᠰᠤᠮᠵᠢᠯᠠᠬᠤ ᠠ᠋ᠴᠠ ᠢᠯᠡᠭᠦᠦ ᠠᠶᠤᠯ ᠭᠡᠵᠦ ᠶᠠᠭᠤ ᠪᠠᠶ᠋ᠢᠬᠤ ᠪᠣᠢ ? ᠡᠶ᠋ᠢᠮᠦ ᠦᠶ᠎ᠡ ᠳ᠋ᠦ᠍ ᠬᠦᠴᠦᠯᠦᠭ ᠡᠴᠡ ᠲᠤᠰᠠᠯᠠᠮᠵᠢ ᠬᠦᠰᠡᠬᠦ ᠤᠯᠠᠮ ᠬᠡᠴᠡᠭᠦᠦ ᠂ ᠪᠠᠷᠤᠭ ᠨᠠᠶ᠋ᠢᠲᠠᠪᠤᠷᠢ ᠦᠭᠡᠢ ᠭᠡᠳᠡᠭ ᠊ᠢ ᠲᠡᠷᠡ ᠤᠶ᠋ᠢᠯᠠᠭᠠᠵᠤ ᠪᠠᠶ᠋ᠢᠯ᠎ᠠ ᠃ ᠳᠡᠭᠦᠦ ᠨᠠᠷ ᠬᠢᠭᠡᠳ ᠪᠠᠭᠠᠲᠤᠷ ᠦ᠋ᠳ ᠦ᠋ᠨ ᠦᠭᠡ ᠪᠡᠷ ᠪᠣᠯᠵᠤ ᠂ ᠰᠦᠪᠡᠭᠡᠲᠡᠢ ᠶ᠋ᠢ ᠤᠭᠲᠤᠨ ᠮᠣᠷᠳᠠᠵᠤ ᠪᠣᠯᠬᠤ ᠶᠤᠮ ᠃ ᠲᠡᠭᠡᠬᠦ ᠶ᠋ᠢᠨ ᠲᠤᠯᠠᠳᠠ ᠨᠤᠲᠤᠭ ᠤ᠋ᠨ ᠬᠢᠨ ᠡᠴᠡ ᠳᠠᠶ᠋ᠢᠴᠢᠯᠠᠵᠤ ᠲᠠᠭᠠᠷᠠᠨ᠎ᠠ ᠃ ᠲᠡᠳᠡ ᠶᠠᠭᠠᠬᠢᠪᠠᠴᠤ ᠳᠤᠷᠠᠲᠠᠢ ᠪᠠᠶ᠋ᠢᠬᠤ ᠦᠭᠡᠢ ᠃ ᠪᠠᠶ᠋ᠢᠯᠲᠤᠭᠠᠨ ᠳ᠋ᠤ᠌ ᠨᠥᠷᠢᠵᠦ ᠂ ᠡᠭᠡᠵᠢᠭᠲᠡᠢ ᠪᠠᠶ᠋ᠢᠲᠠᠯ ᠡᠭᠦᠰᠦᠮᠡᠭᠴᠡ ᠲᠡᠳᠡ ᠬᠠᠮᠤᠭ ᠤ᠋ᠨ ᠲᠡᠷᠢᠭᠦᠨ ᠳ᠋ᠦ᠍ ᠤᠬᠤᠷᠢᠵᠤ ᠂ ᠡᠬᠡ ᠭᠠᠵᠠᠷ ᠲᠠᠭᠠᠨ ᠪᠠᠷᠠᠳᠠᠨᠠ ᠃ ᠲᠡᠭᠡᠬᠦ ᠶ᠋ᠢᠨ ᠴᠠᠭ ᠲᠤ᠌ ᠮᠡᠷᠭᠢᠳ ᠣᠪᠣᠭᠲᠠᠨ ᠠ᠋ᠴᠠ ᠴᠣᠬᠣᠮ ᠬᠡᠳᠦᠭᠦᠯᠡ ᠦᠯᠡᠳᠡᠬᠦ ᠶ᠋ᠢ ᠲᠠᠭᠠᠪᠤᠷᠢᠯᠠᠬᠤ ᠳ᠋ᠤ᠌ ᠠᠮᠠᠷᠬᠠᠨ ᠦᠭᠡᠢ ᠁ ᠬᠠᠷᠢᠨ ᠰᠦᠪᠡᠭᠡᠲᠡᠢ ᠲᠸᠷᠯᠢᠺᠦᠨ ᠬᠣᠷᠣᠭ᠎ᠠ ᠶ᠋ᠢ ᠰᠢᠭᠤᠳ ᠳᠣᠪᠲᠣᠯᠪᠠᠯ ᠁ ᠲᠡᠭᠡᠪᠡᠯ ᠬᠣᠳᠣ ᠳ᠋ᠤ᠌ ᠪᠠᠭ᠎ᠠ ᠴᠤ᠌ ᠠᠲᠤᠭᠠᠢ ᠠᠰᠢᠭ ᠭᠠᠷᠬᠤ ᠤᠴᠢᠷ ᠪᠣᠢ ᠃ ᠣᠶ᠋ᠢᠷ᠎ᠠ ᠣᠷᠴᠢᠮ ᠤ᠋ᠨ ᠬᠣᠲᠠ ᠲᠣᠰᠬᠣᠳ ᠊ᠢ ᠮᠣᠩᠭᠣᠯ ᠴᠡᠷᠢᠭ ᠦ᠋ᠨ ᠠᠶᠤᠯ ᠢ᠋ᠶ᠋ᠠᠷ ᠠᠶᠤᠯᠭᠠᠨ ᠥᠪᠡᠷ ᠲᠡᠭᠡᠨ ᠲᠠᠲᠠᠭᠰᠠᠨ ᠴᠠᠭ ᠲᠤ᠌ ᠨᠠᠶ᠋ᠢᠲᠡᠪᠤᠷᠢᠲᠠᠢ ᠬᠣᠷᠢᠭᠯᠠᠵᠤ ᠪᠣᠯᠤᠮᠠᠷ ᠃ ᠭᠡᠲᠡᠯ᠎ᠡ ᠰᠥᠪᠡᠭᠡᠲᠡᠢ ᠡᠵᠡᠨ ᠬᠠᠭᠠᠨ ᠤ᠋ ᠪᠠᠨ ᠵᠠᠷᠯᠢᠭ ᠊ᠢ ᠤᠮᠠᠷᠲᠠᠭᠰᠠᠨ ᠮᠡᠲᠦ ᠂ ᠡᠨᠡ ᠬᠦᠷᠲᠡᠯ᠎ᠡ ᠪᠡᠯᠴᠢᠭᠡᠷ ᠰᠣᠩᠭᠣᠵᠤ ᠢᠷᠡᠭᠰᠡᠨ ᠡᠩ ᠦ᠋ᠨ ᠨᠡᠭᠦᠳᠡᠯᠴᠢᠨ ᠮᠡᠲᠦ ᠨᠠᠮ ᠭᠦᠮ ᠰᠠᠭᠤᠭ᠎ᠠ ᠨᠢ ᠠᠶ᠎ᠠ ᠦᠭᠡᠶ᠋ᠢᠴᠡᠮᠡᠷ ᠃ ᠦᠨᠡᠨ ᠳ᠋ᠡᠭᠡᠨ ᠬᠣᠳᠣ ᠶ᠋ᠢ ᠡᠨᠳᠡ ᠡᠶ᠋ᠢᠨ ᠬᠦ ᠬᠤᠷᠤᠭᠤ ᠪᠠᠨ ᠮᠠᠷᠠᠨ ᠮᠠᠭᠠᠨᠠᠭᠳᠠᠵᠤ ᠰᠠᠭᠤᠬᠤ ᠳ᠋ᠤ᠌ ᠲᠡᠷᠡ ᠬᠥᠮᠦᠨ ᠶᠠᠭᠠᠬᠢᠪᠠᠴᠤ ᠤᠨᠲᠠᠵᠤ ᠪᠠᠶ᠋ᠢᠬᠤ ᠦᠭᠡᠢ ᠨᠢ ᠯᠠᠪ ᠃ ᠶᠠᠭᠤ ᠰᠠᠨᠠᠵᠤ ᠂ ᠶᠠᠭᠤ ᠶ᠋ᠢ ᠰᠡᠳᠦᠵᠦ ᠪᠠᠶ᠋ᠢᠬ᠋᠎ᠠ ᠪᠣᠯ ? ᠬᠣᠳᠣ ᠥᠪᠡᠷ ᠊ᠢ ᠪᠡᠨ ᠵᠢᠮᠡᠯᠡᠨ ᠂ ᠬᠦᠨᠳᠦ ᠪᠡᠷ ᠰᠡᠭᠦᠷᠡᠰᠦ ᠠᠯᠳᠠᠭᠠᠳ ᠪᠣᠰᠤᠯ᠎ᠠ ᠃ ᠬᠣᠷᠣᠮ ᠤ᠋ᠨ ᠳᠠᠷᠠᠭ᠎ᠠ ᠲᠡᠷᠡ ᠮᠣᠷᠢᠨ ᠳ᠋ᠠᠭᠠᠨ ᠮᠣᠷᠳᠠᠵᠤ ᠂ ᠬᠣᠶᠠᠷ ᠰᠢᠳᠠᠷ ᠢ᠋ᠶ᠋ᠠᠨ ᠳᠠᠭᠠᠭᠤᠯᠤᠭᠠᠳ ᠲᠸᠷᠯᠢᠻᠥᠨ ᠬᠣᠷᠣᠭᠠᠨ ᠤ᠋ ᠵᠦᠭ ᠳᠠᠪᠬᠢᠵᠤ ᠶᠠᠪᠤᠯ᠎ᠠ ᠃ ᠬᠡᠳᠦᠢ ᠪᠡᠷ ᠥᠭᠡᠷᠢᠭ ᠰᠥᠭᠡᠷᠢᠭ ᠪᠣᠳᠣᠯ ᠳ᠋ᠤ᠌ ᠡᠭᠡᠷᠡᠭᠳᠡᠪᠡᠴᠦ ᠂ ᠲᠡᠷᠡ ᠪᠡᠷ ᠣᠷᠴᠢᠨ ᠲᠣᠭᠣᠷᠢᠨ ᠢ᠋ᠶ᠋ᠠᠨ ᠨᠡᠩ ᠰᠣᠷᠭᠣᠭ ᠠᠵᠢᠭᠯᠠᠵᠤ ᠂ ᠡᠨᠳᠡᠬᠢ ᠶ᠋ᠢᠨ ᠡᠭᠡᠯ ᠬᠦᠳᠡᠭᠢ ᠬᠥᠮᠦᠰ ᠲᠦ᠍ ᠥᠪᠡᠷ ᠦ᠋ᠨ ᠬᠢᠨᠢ ᠳᠦᠭᠰᠢᠭᠦᠷᠢ ᠂ ᠵᠣᠪᠠᠨᠢᠯ ᠬᠦᠷᠲᠡᠵᠦ ᠪᠣᠢ ᠡᠰᠡᠬᠦ ᠶ᠋ᠢ ᠲᠠᠩᠳᠠᠬᠤ ᠪᠠᠨ ᠮᠠᠷᠲᠠᠭᠰᠠᠨ ᠦᠭᠡᠢ ᠃ ᠤᠷᠢᠳᠠ ᠡᠮᠦᠨᠡᠬᠢ ᠶ᠋ᠢ ᠪᠣᠳᠣᠪᠠᠯ ᠬᠥᠯ ᠬᠥᠳᠡᠯᠭᠡᠭᠡᠨ ᠰᠡᠢᠷᠡᠭᠰᠡᠨ ᠪᠣᠯᠤᠯᠲᠠᠢ ᠂ ᠶᠠᠮᠠᠷ ᠪᠣᠯᠪᠠᠴᠤ ᠰᠤᠪᠠᠭ ᠂ ᠳᠠᠯᠠᠩ ᠳᠦᠭᠦᠷᠡᠩ ᠪᠠᠭᠰᠢᠷᠠᠭᠠᠳ ᠪᠠᠶ᠋ᠢᠲᠠᠭ ᠬᠡᠰᠦᠭᠦᠯ ᠂ ᠠᠷᠠᠯᠵᠢᠶᠠᠴᠢ ᠂ ᠲᠠᠨᠤᠮᠠᠯ ᠵᠢᠭᠢᠲᠡ ᠨᠤᠭᠦᠳ ᠦᠵᠡᠭᠳᠡᠬᠦ ᠦᠭᠡᠢ ᠪᠠᠶ᠋ᠢᠪᠠ ᠃ ᠡᠨᠡ ᠴᠦ᠍ ᠭᠠᠯ ᠤ᠋ᠨ ᠬᠦᠴᠦᠨ ᠴᠢᠷᠮᠡᠶ᠋ᠢᠯᠲᠠ ᠪᠢᠵᠡ ᠃ ᠲᠡᠷᠡ ᠳᠡᠭᠦᠦ ᠨᠢ ᠳᠥᠴᠢᠨ ᠭᠠᠪᠰᠢᠭᠠᠢ ᠬᠠᠷᠠᠭᠤᠯ ᠢ᠋ᠶ᠋ᠠᠨ ᠵᠠᠬᠢᠷᠴᠤ ᠴᠢᠳᠠᠳᠠᠭ ᠡᠷ᠎ᠡ ᠃ ᠰᠥᠪᠡᠭᠡᠲᠡᠢ ᠶ᠋ᠢᠨ ᠤᠷᠤᠭᠰᠢᠯᠠᠭᠤᠷ ᠪᠠᠭ ᠪᠣᠯᠬᠤ ᠠᠷᠭᠠᠴᠢ ᠶ᠋ᠢᠨ ᠵᠠᠭᠤᠲᠤ ᠶ᠋ᠢ ᠪᠦᠷ ᠬᠠᠪᠤᠷ ᠵᠡᠭᠦᠨ ᠭᠠᠷ ᠤ᠋ᠨ ᠠᠯᠲᠠᠢ ᠳ᠋ᠤ᠌ ᠣᠷᠣᠵᠤ ᠢᠷᠡᠬᠦ ᠳ᠋ᠦ᠍ ᠮᠡᠳᠡᠭᠰᠡᠨ ᠮᠥᠷᠲᠡᠭᠡᠨ ᠳᠦᠷᠪᠡᠭᠴᠢᠳ ᠭᠡᠵᠦ ᠠᠨᠳᠠᠭᠤᠷᠠᠭᠰᠠᠨ ᠠ᠋ᠴᠠ ᠪᠣᠯᠵᠤ ᠂ ᠡᠶ᠋ᠢᠮᠦ ᠭᠠᠢ ᠣᠳᠤᠭᠰᠠᠨ ᠳ᠋ᠠᠭᠠᠨ ᠭᠡᠮᠰᠢᠭᠡᠳ ᠣᠳᠣ ᠪᠣᠯ ᠲᠸᠷᠯᠢᠻᠥᠨ ᠬᠣᠷᠣᠭᠠᠨ ᠤ᠋ ᠣᠷᠴᠢᠨ ᠲᠣᠭᠣᠷᠢᠨ ᠊ᠢ ᠪᠠᠷᠤᠭ ᠵᠠᠭᠤᠨ ᠪᠠᠷ᠎ᠠ ᠶ᠋ᠢᠨ ᠭᠠᠵᠠᠷ ᠲᠤ᠌ ᠠᠶᠠᠨ ᠲᠡᠶ᠋ᠢᠨ ᠦ᠌ ᠪᠠᠶ᠋ᠢᠲᠠᠯ ᠢ᠋ᠶ᠋ᠠᠷ ᠴᠠᠩᠲᠠᠯᠠᠵᠤ ᠣᠷᠬᠢᠭᠠᠳ ᠪᠠᠶ᠋ᠢᠬ᠋᠎ᠠ ᠨᠢ ᠲᠡᠷᠡ ᠃
ᠰᠠᠭᠤᠷᠢᠨ ᠊ᠢ ᠲᠣᠭᠣᠷᠢᠭᠤᠯᠠᠨ ᠬᠣᠶᠠᠷ ᠵᠢᠯ ᠊ᠦᠨ ᠡᠮᠦᠨ᠎ᠡ ᠲᠠᠲᠠᠭᠰᠠᠨ ᠤᠰᠤᠨ ᠰᠤᠪᠠᠭ ᠊ᠢ ᠡᠰᠡ ᠳᠣᠭᠣᠴᠠᠪᠠᠯ ᠪᠡᠬᠢᠯᠡᠯᠲᠡ ᠬᠢᠬᠦ ᠶᠠᠭᠤᠮ᠎ᠠ ᠦᠭᠡᠢ᠃ ᠤᠤᠭᠠᠯ ᠣᠷᠣᠰᠢᠨ ᠰᠠᠭᠤᠭᠴᠢᠳ ᠴᠤ᠌᠂ < ᠵᠣᠴᠢᠯᠠᠵᠤ> ᠢᠷᠡᠭᠰᠡᠨ ᠮᠡᠷᠭᠢᠳ ᠊ᠤᠳ ᠴᠤ᠌ ᠬᠡᠨ ᠬᠡᠨ ᠨᠢ ᠬᠡᠷᠡᠮ᠂ ᠴᠠᠶ᠋ᠢᠵᠠ ᠶ᠋ᠢ ᠱᠣᠬᠣᠭᠠᠷᠬᠠᠬᠤ ᠤᠯᠤᠰ ᠪᠢᠰᠢ ᠠᠵᠢ᠃ ᠡᠯᠪᠡᠭ ᠬᠣᠣᠰ ᠠᠯᠲᠠ ᠲᠠᠲᠠᠭᠠᠯ ᠳᠡᠭᠡᠭᠦᠷ ᠲᠠᠯᠪᠢᠭᠰᠠᠨ ᠤᠨᠠᠭᠤᠯᠢ ᠭᠦᠦᠷ ᠢ᠋ᠶ᠋ᠡᠷ ᠬᠣᠲᠣ ᠭᠠᠷᠬᠤ ᠳ᠋ᠠᠭᠠᠨ ᠰᠥᠪᠡᠭᠡᠲᠡᠢ ᠶ᠋ᠢᠨ ᠴᠡᠷᠢᠭ ᠳᠣᠪᠲᠣᠯᠵᠤ ᠢᠷᠡᠳᠡᠭ ᠶᠦ᠍ᠮ ᠪᠣᠯ ᠡᠨᠡ ᠲᠠᠲᠠᠭᠠᠯ ᠲᠡᠳᠡᠨ ᠳ᠋ᠦ᠍ ᠰᠠᠭᠠᠳ ᠤᠴᠠᠷᠠᠭᠤᠯᠬᠤ ᠶᠠᠭᠤᠮ᠎ᠠ ᠪᠠᠷ ᠲᠤᠩ ᠴᠤ᠌ ᠱᠠᠯᠢᠬᠤ ᠦᠭᠡᠢ ᠭᠡᠳᠡᠭ ᠊ᠢ ᠳᠠᠬᠢᠨ ᠤᠬᠠᠭᠠᠷᠠᠵᠤ ᠰᠡᠭᠦᠷᠡᠰᠦ ᠠᠯᠳᠠᠪᠠ᠃ ᠲᠡᠭᠦᠨ ᠊ᠢ ᠭᠣᠣᠯ ᠵᠡᠭᠡᠯᠢ ᠪᠡᠷ ᠣᠷᠣᠬᠤ ᠭᠡᠲᠡᠯ᠎ᠡ ᠬᠠᠵᠠᠭᠤ ᠶ᠋ᠢᠨ ᠭᠤᠲᠤᠮ ᠠ᠋ᠴᠠ ᠬᠡᠳᠦᠨ ᠮᠣᠷᠢᠲᠠᠨ ᠳᠠᠪᠬᠢᠨ ᠢᠷᠡᠭᠡᠳ ᠳᠠᠭᠤᠳᠠᠨ ᠵᠣᠭᠰᠣᠭᠠᠭᠰᠠᠨ ᠨᠢ ᠬᠠᠷᠢᠨ ᠳᠡᠭᠦᠦ ᠭᠠᠯ ᠠᠵᠤᠭᠤ᠃
— ᠪᠢ ᠲᠠᠨ ᠊ᠢ ᠵᠠᠯᠠᠬᠤ ᠪᠠᠷ ᠮᠣᠷᠳᠠᠭᠰᠠᠨ ᠶᠤᠮ᠃ ᠶᠠᠭᠠᠷᠠᠯᠲᠠᠢ ᠬᠡᠯᠡᠯᠴᠡᠬᠦ ᠬᠡᠷᠡᠭ ᠭᠠᠷᠤᠯ᠎ᠠ ᠭᠡᠵᠦ ᠭᠠᠯ ᠬᠡᠯᠡᠭᠡᠳ ᠠᠬ᠎ᠠ ᠲᠠᠢ ᠪᠠᠨ ᠳᠥᠷᠥᠭᠡ ᠬᠠᠷᠰᠢᠭᠤᠯᠤᠨ ᠠᠯᠬᠤᠭᠤᠯᠵᠤ᠂ ᠲᠸᠷᠯᠢᠺᠦᠨ ᠬᠣᠷᠣᠭᠠᠨ ᠊ᠤ ᠰᠢᠶᠢᠬᠢ ᠶ᠋ᠢᠨ ᠥᠷᠭᠥᠭᠡ ᠠᠭᠰᠠᠨ᠂ ᠣᠳᠣ ᠪᠣᠯ ᠬᠣᠷᠣᠭᠠᠨ ᠊ᠤ ᠳᠣᠲᠣᠭᠠᠳᠤ ᠬᠡᠷᠡᠭ ᠊ᠢ ᠶᠡᠷᠦᠩᠬᠡᠶ᠋ᠢᠯᠡᠨ ᠵᠠᠰᠠᠬᠤ ᠤᠷᠲᠤ ᠶ᠋ᠢ ᠴᠢᠭᠯᠡᠪᠡ᠃
ᠶᠡᠬᠡ ᠲᠠᠩᠬᠢᠮ ᠳ᠋ᠤ᠌ ᠴᠢᠯᠠᠭᠤᠨ ᠭᠠᠭᠴᠠᠭᠠᠷ ᠰᠠᠭᠤᠵᠤ ᠪᠠᠶ᠋ᠢᠭᠰᠠᠨ ᠢ᠋ᠶ᠋ᠠᠨ ᠠᠬ᠎ᠠ ᠶ᠋ᠢ ᠪᠡᠨ ᠣᠷᠣᠵᠤ ᠢᠷᠡᠬᠦ ᠳ᠋ᠦ᠍ ᠶᠠᠭᠠᠷᠠᠨ ᠤᠭᠲᠤᠵᠤ ᠲᠦᠳᠡᠯ ᠦᠭᠡᠢ ᠭᠤᠷᠪᠠᠭᠤᠯᠠ ᠵᠡᠷᠭᠡᠴᠡᠨ ᠲᠤᠬᠠᠯᠠᠯᠠ᠃
— ᠴᠢᠪᠤᠭ ᠡᠴᠡ ᠰᠤᠷᠠᠭ ᠪᠠᠶ᠋ᠢᠨ᠎ᠠ ᠊ᠤᠤ? ᠭᠡᠵᠦ ᠬᠣᠲᠣ ᠠᠰᠠᠭᠤᠪᠠ᠃
— ᠣᠶ᠋ᠢᠭᠤᠷ ᠊ᠤᠨ ᠬᠢᠯᠢ ᠶ᠋ᠢ ᠲᠣᠭᠣᠷᠢᠬᠤ ᠠ᠋ᠴᠠ ᠥᠭᠡᠷ᠎ᠡ ᠠᠷᠭ᠎ᠠ ᠦᠭᠡᠢ ᠪᠣᠯᠵᠤ᠂ ᠳᠠᠬᠢᠭᠠᠳ ᠬᠠᠭᠠᠰ ᠡᠳᠦᠷ ᠬᠣᠵᠢᠮᠳᠠᠬᠤ ᠨᠢ ᠭᠡᠵᠦ ᠬᠡᠯᠡ ᠥᠭᠭᠦᠭᠦᠯᠵᠡᠢ᠃ ᠮᠠᠷᠭᠠᠰᠢ ᠣᠷᠣᠢ ᠢᠷᠡᠬᠦ ᠪᠣᠯᠤᠯᠲᠠᠢ ᠭᠡᠵᠦ ᠭᠠᠯ ᠬᠡᠯᠡᠯ᠎ᠡ᠃ ᠴᠢᠯᠠᠭᠤᠨ ᠥᠷᠭᠡᠨ ᠨᠢᠭᠤᠷ ᠢ᠋ᠶ᠋ᠠᠨ ᠢᠯᠢᠨ ᠪᠣᠳᠣᠯᠭᠠᠰᠢᠷᠠᠭᠰᠠᠨ ᠢ᠋ᠶ᠋ᠠᠨ᠄
— ᠬᠦᠴᠦᠯᠦᠭ ᠬᠠᠨ ᠊ᠤ ᠰᠤᠯᠠ ᠬᠠᠲᠤᠨ ᠠᠪᠵᠠᠢ ᠢᠷᠡᠭᠰᠡᠨ ᠭᠡᠵᠦ ᠳᠣᠭᠣᠯᠭᠠᠪᠠ᠃ ᠬᠣᠳᠣ ᠰᠡᠷᠲᠬᠢᠵᠦ᠄
一 ᠪᠠᠰᠠ ᠯᠠ ᠭᠡᠵᠦ ᠳᠤᠷᠠᠮᠵᠢᠬᠠᠨ ᠳᠤᠤᠭᠠᠷᠤᠭᠰᠠᠨ ᠢ᠋ᠶ᠋ᠠᠨ᠄
一 ᠲᠡᠷᠡ ᠬᠠᠮᠢᠭ᠎ᠠ ᠠ᠋ᠴᠠ ᠢᠷᠡᠭᠡ ᠪᠣᠢ? ᠭᠡᠬᠦ ᠳ᠋ᠡᠭᠡᠨ ᠯᠠᠪ ᠬᠦᠴᠦᠯᠦᠭ ᠊ᠤᠨ ᠳᠡᠷᠭᠡᠳᠡ ᠡᠴᠡ ᠢᠷᠡᠭᠰᠡᠨ ᠦᠭᠡᠢ ᠭᠡᠳᠡᠭ ᠊ᠢ ᠨᠢ ᠮᠡᠳᠡᠵᠦ ᠪᠠᠶ᠋ᠢᠯ᠎ᠠ᠃ ᠠᠪᠵᠠᠢ ᠪᠣᠯ ᠬᠦᠴᠦᠯᠦᠭ ᠊ᠤᠨ ᠲᠥᠯᠥᠭᠡ ᠶᠠᠭᠤ ᠴᠤ᠌ ᠬᠢᠬᠦ ᠡᠴᠡ ᠪᠤᠴᠠᠬᠤ ᠦᠭᠡᠢ ᠵᠣᠷᠢᠮᠠᠭ᠂ ᠰᠡᠷᠭᠦᠯᠡᠩ ᠨᠢ ᠳᠡᠩᠳᠡᠭᠰᠡᠨ ᠪᠦᠰᠡᠭᠦᠢ ᠪᠢᠯᠡ᠃ ᠭᠡᠪᠡᠴᠦ ᠴᠢᠯᠠᠭᠤᠨ ᠤ᠋ ᠬᠠᠷᠢᠭᠤᠯᠲᠠ ᠶ᠋ᠢ ᠰᠣᠨᠣᠰᠤᠭᠠᠳ ᠬᠣᠲᠣ ᠨᠢᠳᠦ ᠪᠡᠨ ᠪᠦᠯᠲᠡᠶ᠋ᠢᠯᠭᠡᠨ ᠭᠠᠶ᠋ᠢᠬᠠᠪᠠ᠃
— ᠰᠦᠪᠡᠭᠡᠳᠡᠢ ᠶ᠋ᠢᠨ ᠬᠦᠷᠢᠶᠡᠨ ᠡᠴᠡ ᠭᠡᠨ᠎ᠡ? ᠭᠡᠵᠦ ᠲᠡᠭᠦᠨ ᠊ᠢ ᠯᠠᠪᠯᠠᠬᠤ ᠳ᠋ᠤ᠌ ᠴᠢᠯᠠᠭᠤᠨ ᠳᠣᠬᠢᠭᠠᠳ ᠄
— ᠲᠡᠶ᠋ᠢᠮᠦ ᠠ᠋᠂ ᠲᠡᠷᠡ ᠥᠪᠡᠷ ᠢ᠋ᠶ᠋ᠡᠨ ᠲᠡᠭᠡᠵᠦ ᠬᠡᠯᠡᠪᠡ᠃
— ᠠᠪᠵᠠᠢ ᠬᠤᠳᠠᠯ ᠬᠡᠯᠡᠬᠦ ᠦᠭᠡᠢ᠃ ᠲᠡᠷᠡ ᠪᠣᠯ ᠡᠨᠡ ᠮᠢᠬᠠᠴᠢᠨ ᠤᠲᠤᠭᠠᠨ ᠊ᠤ ᠦᠰᠦ ᠰᠢᠭ ᠰᠢᠷᠢᠯᠳᠦᠵᠦ ᠰᠠᠮᠠᠭᠤᠷᠠᠭᠰᠠᠨ ᠭᠠᠵᠠᠷ ᠲᠤ᠌ ᠪᠢᠳᠡᠨ ᠦ᠌ ᠨᠢᠳᠦ᠂ ᠴᠢᠬᠢ ᠪᠣᠯᠵᠤ ᠪᠠᠶ᠋ᠢᠳᠠᠭ ᠢᠲᠡᠭᠡᠯᠲᠡᠢ ᠳᠠᠶ᠋ᠢᠴᠢᠨ ᠮᠥᠨ ᠪᠢᠯᠡ ᠭᠡᠵᠦ ᠭᠠᠯ ᠶᠡᠬᠡ ᠠᠬ᠎ᠠ ᠶ᠋ᠢᠨ ᠢ᠋ᠶ᠋ᠡᠨ ᠳᠤᠷᠠᠮᠵᠢᠬᠠᠨ ᠪᠠᠶ᠋ᠢᠳᠠᠯ ᠊ᠢ ᠭᠠᠳᠠᠷᠯᠠᠭᠠᠳ ᠶᠠᠭᠠᠷᠠᠨ ᠨᠡᠮᠡᠵᠦ ᠲᠠᠶ᠋ᠢᠯᠪᠤᠷᠢᠯᠠᠪᠠ᠃
— ᠪᠦᠭᠦᠳᠡ ᠶ᠋ᠢ ᠥᠪᠡᠷ ᠡᠴᠡ ᠨᠢ ᠰᠣᠨᠣᠰᠪᠠᠯ ᠲᠠᠨ ᠳ᠋ᠤ᠌ ᠳᠡᠭᠡᠷ᠎ᠡ ᠪᠢᠵᠡ᠃ ᠲᠡᠭᠦᠨ ᠊ᠢ ᠪᠢ ᠠᠮᠠᠷᠠᠭᠠᠬᠤ ᠪᠠᠷ ᠶᠠᠪᠤᠭᠤᠯᠤᠭᠰᠠᠨ᠃ ᠪᠣᠳᠣᠪᠠᠯ ᠣᠳᠣ ᠵᠣᠭᠣᠭ ᠪᠠᠷᠢᠵᠤ ᠠᠮᠠᠰᠬᠢᠵᠤ ᠠᠮᠵᠢᠭ᠎ᠠ ᠪᠢᠵᠡ ᠭᠡᠳ ᠴᠢᠯᠠᠭᠤᠨ ᠳᠡᠭᠦᠦ ᠥᠭᠡᠳᠡ ᠪᠡᠨ ᠲᠣᠬᠢᠬᠤ ᠳ᠋ᠤ᠌ ᠭᠠᠯ ᠶᠠᠭᠠᠷᠠᠨ ᠭᠠᠷᠤᠯ᠎ᠠ᠃ ᠬᠣᠳᠣ ᠨᠢᠳᠦ ᠪᠡᠨ ᠠᠨᠢᠰᠬᠢᠵᠦ᠂ ᠰᠢᠷᠦᠭᠦᠨ ᠬᠠᠷ᠎ᠠ ᠵᠢᠪᠡᠷᠢ ᠪᠡᠨ ᠢᠯᠪᠢᠨ ᠦᠭᠡ ᠳᠠᠭᠤ ᠦᠭᠡᠢ ᠬᠦᠯᠢᠶᠡᠨ ᠰᠠᠭᠤᠪᠠ᠃
