ᠠᠬ᠎ᠠ ᠶ᠋ᠢᠨ ᠮᠢᠨᠢ ᠨᠤᠲᠤᠭ ( ᠣᠷᠱᠤᠨ ᠭᠣᠣᠯ ) - ᠦᠭᠡ ᠄ ᠽ · ᠫᠦᠷᠫᠦᠰᠦᠷᠦᠩ ᠂ ᠠᠶ᠎ᠠ ᠄ ᠠᠯᠲᠠᠨᠭᠡᠷᠡᠯ Ахын минь нутаг ( Оршин гол ) – Үг ᠄ З · Пүрпүүсүрэн ᠂ Ая ᠄ Алтангэрэл
ᠠᠬ᠎ᠠ ᠶ᠋ᠢᠨ ᠮᠢᠨᠢ ᠨᠤᠲᠤᠭ
ᠦᠭᠡ ᠄ ᠽ · ᠫᠦᠷᠫᠦᠰᠦᠷᠦᠩ
ᠠᠶ᠎ᠠ ᠄ ᠠᠯᠲᠠᠨᠭᠡᠷᠡᠯ
ᠡᠷᠢᠶᠡᠯᠡᠨ ᠲᠡᠪᠬᠡᠷᠯᠡᠨ ᠬᠠᠷᠠᠭᠲᠠᠬᠤ ᠨᠢ
ᠡᠩᠭᠡᠷ ᠰᠢᠯᠢ ᠶ᠋ᠢᠨ ᠪᠠᠷ᠎ᠠ ᠳ᠋ᠠ
ᠡᠩᠬᠦᠷᠡᠢ ᠬᠠᠶ᠋ᠢᠷᠠᠲᠠᠢ ᠠᠬ᠎ᠠ ᠶ᠋ᠢᠨ ᠮᠢᠨᠢ
ᠡᠩᠬᠡ ᠰᠠᠶ᠋ᠢᠬᠠᠨ ᠨᠤᠲᠤᠭ ᠳ᠋ᠠ
ᠠ ᠬᠠ ᠠ ᠬᠠ ᠬᠥ
ᠠ ᠬᠠ ᠠ ᠬᠠ ᠬᠠ ᠬᠠ ᠬᠥ
ᠠ ᠬᠠ ᠬᠥ
ᠠᠬ᠎ᠠ ᠶ᠋ᠢᠨ ᠨᠤᠲᠤᠭ ᠰᠠᠶ᠋ᠢᠬᠠᠨ ᠭᠠᠵᠠᠷ
ᠦᠷᠭᠦᠭᠡ ᠴᠠᠭᠠᠨ ᠭᠡᠷ ᠦ᠋ᠳ ᠨᠢ
ᠦᠲᠡ ᠶ᠋ᠢᠨ ᠨᠠᠷᠠᠨ ᠳ᠋ᠤ᠌ ᠭᠢᠯᠠᠯᠵᠠᠨ᠎ᠠ ᠂
ᠥᠨᠢᠷ ᠪᠠᠶᠠᠨ ᠰᠦᠷᠦᠭ ᠨᠢ
ᠥᠷᠭᠡᠨ ᠲᠠᠯ᠎ᠠ ᠳ᠋ᠠᠭᠠᠨ ᠪᠡᠯᠴᠢᠭᠡᠷᠯᠡᠨ᠎ᠡ ᠃
ᠳᠠᠬᠢᠯᠲᠠ
ᠠᠷᠢᠭᠤᠨ ᠬᠤᠷ᠎ᠠ ᠪᠠᠷ ᠤᠮᠲᠠᠯᠠᠭᠰᠠᠨ
ᠠᠭᠤᠲᠠᠮ ᠰᠠᠷᠠᠭᠤᠯ ᠨᠤᠲᠤᠭ ᠮᠢᠨᠢ ᠂
ᠠᠬᠢ ᠶ᠋ᠢᠨ ᠬᠥᠷᠥᠰᠥ ᠪᠡᠷ ᠶᠠᠭᠠᠷᠠᠭᠰᠠᠨ
ᠠᠬ᠎ᠠ ᠶ᠋ᠢᠨ ᠮᠢᠨᠢ ᠨᠤᠲᠤᠭ ᠰᠠᠶ᠋ᠢᠬᠠᠨ ᠭᠠᠵᠠᠷ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 30 ᠤ ᠡᠲᠦᠷ
