ᠰᠠᠷᠠᠨ ᠴᠠᠭᠠᠨ ᠦᠲᠡᠰᠢ ( ᠣᠷᠱᠤᠨ ᠭᠣᠣᠯ ) - ᠦᠭᠡ ᠄ ᠪᠠᠲᠤᠬᠦᠦ ᠂ ᠠᠶ᠎ᠠ ᠄ ᠨᠡᠮᠡᠬᠦ Саран цагаан үдэш ( Оршин гол ) – Үг ᠄ Батхүү ᠂ Ая ᠄ Нэмэх
ᠰᠠᠷᠠᠨ ᠴᠠᠭᠠᠨ ᠦᠲᠡᠰᠢ
ᠦᠭᠡ ᠄ ᠪᠠᠲᠦᠬᠦᠦ
ᠠᠶ᠎ᠠ ᠄ ᠨᠡᠮᠡᠬᠦ
ᠰᠠᠯᠬᠢ ᠰᠢᠪᠡᠨᠡᠭᠰᠡᠨ ᠵᠥᠭᠡᠯᠡᠨ ᠠᠮᠢᠰᠬᠤᠯ ᠲᠠᠢ
ᠰᠠᠷ᠎ᠠ ᠴᠠᠭᠠᠨ ᠲᠡᠨᠢᠭᠦᠨ ᠦᠲᠡᠰᠢ ᠂
ᠳᠡᠭᠦᠯᠢᠭᠡ ᠬᠥᠩᠭᠡᠨ ᠠᠭᠲᠠ ᠶ᠋ᠢᠨ ᠶ᠋ᠢᠡᠨ ᠵᠢᠯᠣᠭᠣ ᠶ᠋ᠢ
ᠲᠠᠲᠠᠰᠬᠢᠨ ᠰᠠᠭᠤᠭᠠᠳ ᠭᠠᠩᠬᠤᠵᠤ ᠪᠠᠶ᠋ᠢᠨ᠎ᠠ ᠃
ᠦᠷ ᠦ᠋ᠨ ᠵᠢᠷᠭᠢᠭᠡ ᠪᠡᠨ ᠨᠠᠮᠤᠭᠤᠬᠠᠨ ᠬᠦᠯᠢᠶᠡᠭᠰᠡᠨ
ᠡᠷᠭᠢᠵᠦ ᠰᠠᠨᠠᠭᠲᠠᠬᠤ ᠰᠠᠶ᠋ᠢᠬᠠᠨ ᠦᠲᠡᠰᠢ ᠃
ᠴᠡᠴᠡᠭ ᠬᠦᠯᠦᠷᠡᠭᠰᠡᠨ ᠠᠩᠬᠢᠯᠤᠮ᠎ᠠ ᠦᠨᠦᠷ ᠲᠡᠢ
ᠰᠠᠷ᠎ᠠ ᠴᠠᠭᠠᠨ ᠲᠡᠨᠢᠭᠦᠨ ᠦᠲᠡᠰᠢ ᠂
ᠪᠠᠷ᠎ᠠ ᠲᠣᠲᠣᠷᠠᠬᠤ ᠴᠠᠭᠠᠨ ᠥᠩᠭᠡ ᠶ᠋ᠢ
ᠪᠠᠶ᠋ᠢᠰᠬᠢᠨ ᠬᠠᠷᠠᠭᠠᠳ ᠳᠣᠭᠳᠤᠯᠵᠤ ᠪᠠᠶ᠋ᠢᠨ᠎ᠠ ᠃
ᠳᠠᠬᠢᠯᠲᠠ
ᠰᠡᠤᠠᠬᠢᠯ ᠵᠣᠷᠢᠯᠬ᠋ᠠ ᠠᠶ᠎ᠠ ᠪᠠᠷ ᠨᠢᠭᠡᠲᠡᠢ
ᠰᠠᠷ᠎ᠠ ᠴᠠᠭᠠᠨ ᠠᠷᠢᠭᠤᠨ ᠳᠤᠷᠠᠯᠠᠯ ᠊ᠢ
ᠤᠴᠠᠷᠠᠬᠤ ᠪᠣᠯᠭᠠᠨ ᠵᠠᠶᠠᠭᠠᠯᠠᠨ ᠣᠯᠲᠠᠭ ᠶ᠋ᠢᠠᠨ
ᠢᠨᠢᠶᠡᠰᠬᠢᠨ ᠪᠣᠲᠣᠭᠠᠳ ᠰᠢᠮᠲᠠᠭᠠᠵᠤ ᠪᠠᠶ᠋ᠢᠨ᠎ᠠ ᠃
ᠳᠠᠬᠢᠯᠲᠠ
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠣᠷᠭᠢᠯ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 30 ᠤ ᠡᠲᠦᠷ
