ᠢᠷᠭᠤᠢ - ᠲ ᠂ ᠭᠣᠮᠪᠣᠵᠠᠪ Яргуй - Т ᠂ Гомбожав
ᠢᠷᠭᠤᠢ < ᠤᠤᠭᠠᠨ ᠦᠷ᠎ᠡ ᠶ᠋ᠢᠨ ᠪᠦᠪᠡᠢ >
ᠢᠷᠭᠤᠢ
ᠮᠢᠨᠦ ᠳᠡᠯᠡᠬᠡᠢ ᠶ᠋ᠢᠨ ᠣᠨ ᠲᠣᠭᠠᠯᠠᠯ ᠨᠣᠭᠣᠭᠠᠷᠠᠯᠠ !
ᠬᠠᠶ᠋ᠢᠷ᠎ᠠ ᠶ᠋ᠢᠨ ᠪᠠᠶᠠᠨ ᠡᠭᠡᠰᠢᠭ
ᠬᠠᠶᠠᠭ ᠵᠠᠭᠤᠵᠤ
ᠬᠠᠮᠢᠬ᠋᠎ᠠ ᠬᠣᠯᠠ ᠠ᠋ᠴᠠ ᠤᠷᠠᠨ ᠰᠢᠪᠠᠭᠤ ᠢᠷᠡᠨ᠎ᠡ
ᠴᠡᠩᠬᠡᠷ ᠰᠢᠪᠡᠨᠡᠬᠦ ᠵᠡᠭᠦᠲᠦ
ᠳᠤᠩ ᠴᠠᠭᠠᠨ ᠥᠷᠥᠭᠡᠨ ᠪ
ᠲᠣᠷᠭᠠᠨ ᠬᠥᠰᠢᠭᠡ ᠶ᠋ᠢ ᠢᠷᠡᠨ
ᠳᠤᠷᠠᠯᠠᠯ ᠭᠡᠷᠡᠯᠲᠦᠭᠰᠡᠨ ᠮᠢᠨᠦ ᠮᠠᠩᠨᠠᠢ ᠳ᠋ᠤ᠌ ᠦᠨᠦᠰᠦᠯᠲᠡ ᠢᠷᠡᠵᠦ ᠡᠭᠦᠷᠯᠡᠯᠡ
ᠢᠷᠭᠤᠢ ᠮᠢᠨᠢ ᠂ ᠴᠢ
ᠡᠶ᠋ᠢᠮᠦ ᠯᠡ ᠠᠯᠢᠶᠠᠬᠠᠨ ᠬᠥᠯ ᠦ᠋ᠨ ᠴᠢᠮᠡᠭᠡ ᠪᠡᠷ
ᠮᠢᠨᠦ ᠳᠡᠯᠡᠬᠡᠢ ᠶ᠋ᠢ ᠬᠥᠭᠵᠢᠮᠳᠡᠨ ᠢᠷᠡᠵᠦ
ᠢᠨᠢᠶᠡᠲᠦ ᠳᠠᠭᠤᠤ ᠂ ᠢᠲᠡᠭᠡᠯ ᠬᠦᠰᠡᠯ ᠂ ᠵᠡᠭᠦᠲᠦ ᠪᠣᠲᠣᠯ ᠦ᠋ᠨ
ᠢᠷᠠᠭᠤᠬᠠᠨ ᠢᠷᠭᠤᠢ ᠶ᠋ᠢ ᠮᠢᠨᠢ ᠴᠡᠴᠡᠭᠯᠡᠭᠦᠯᠴᠢᠭᠡᠯᠡ
ᠴᠣᠩᠬᠣ ᠮᠢᠨᠢ ᠨᠡᠭᠡᠭᠡᠭᠲᠡᠨᠡ
ᠴᠣᠮᠣ ᠳᠦᠭᠦᠷᠡᠩ ᠠᠷᠢᠬᠢ ᠪᠠᠨ ᠪᠠᠷᠢᠬᠰᠠᠭᠠᠷ
ᠨᠠᠷᠠ ᠂ ᠭᠡᠷ ᠲᠤ ᠮᠢᠨᠢ ᠢᠷᠡᠨ᠎ᠡ
ᠰᠡᠭᠦᠲᠡᠷ ᠦ᠋ᠳ ᠪᠤᠯᠤᠩ ᠤᠷᠤᠭᠤ ᠠᠲᠤᠷᠢᠵᠤ
ᠰᠥᠨᠢ ᠶ᠋ᠢᠨ ᠲᠡᠲᠡᠭᠡᠷ ᠬᠠᠷ᠎ᠠ ᠳᠠᠷᠤᠭᠰᠠᠨ ᠵᠡᠭᠦᠲᠦ
ᠰᠦᠩᠨᠡᠯᠵᠡᠬᠦ ᠠᠷᠢᠬᠢᠨ ᠪ ᠵᠠᠭᠤᠰᠢ ᠪᠣᠯᠵᠤ ᠥᠷᠥᠭᠳᠡᠨᠡ
ᠭᠡᠷᠡᠯ ᠳ᠋ᠤᠨᠢ ᠂ ᠴᠢ
ᠬᠡᠨᠡᠨ ᠬᠣᠩᠭᠣᠷ ᠢᠨᠢᠶᠡᠲᠦ ᠵᠡᠭᠦᠲᠦ ᠬᠣᠶᠠᠷ ᠶ᠋ᠢᠠᠷ ᠶ᠋ᠢᠠᠨ
ᠮᠢᠨᠦ ᠨᠢᠲᠦᠨ ᠳ᠋ᠤ᠌ ᠦᠷ᠎ᠡ ᠶ᠋ᠢᠨ ᠡᠩᠬᠦᠷᠡᠢ ᠪᠣᠲᠣᠯ ᠰᠢᠪᠡᠨᠡᠨ᠎ᠡ
ᠮᠢᠨᠦ ᠳᠡᠯᠡᠬᠡᠢ ᠳ᠋ᠤ᠌ ᠥᠪᠡᠷ ᠦ᠋ᠨ ᠴᠡᠩᠬᠡᠷ ᠬᠠᠶᠠᠭ ᠶ᠋ᠢᠠᠨ ᠵᠢᠷᠤᠨ᠎ᠠ ᠡ !
ᠪᠢ ᠂ ᠡᠯᠲᠡᠪ ᠊ᠢ ᠪᠣᠲᠣᠬᠤ ᠪᠣᠯᠤᠯ᠎ᠠ
ᠡᠮᠨᠡᠯᠭᠡ ᠶ᠋ᠢᠨ ᠬᠣᠷᠢᠶ᠎ᠠ ᠂ ᠡᠮᠴᠢ ᠬᠣᠶᠠᠷ ᠪᠣᠲᠣᠯ ᠳ᠋ᠤ᠌ ᠣᠷᠣᠨ᠎ᠠ
ᠡᠮ ᠦ᠋ᠨ ᠣᠯᠠᠨ ᠲᠥᠪᠡᠳ ᠨᠡᠷᠡᠰ ᠪᠣᠲᠣᠯ ᠳ᠋ᠤ᠌ ᠣᠷᠣᠨ᠎ᠠ
ᠡᠨᠡ ᠡᠪᠦᠯ ᠦ᠋ᠨ ᠴᠠᠰᠤ ᠰᠠᠯᠬᠢ ᠂ ᠴᠠᠭ ᠠᠭᠤᠷ ᠦ᠋ᠨ ᠪᠠᠶ᠋ᠢᠲᠠᠯ ᠪᠣᠲᠣᠯ ᠳ᠋ᠤ᠌ ᠣᠷᠣᠨ᠎ᠠ
ᠡᠷᠬᠡ ᠴᠢᠯᠥᠭᠡ ᠂ ᠡᠩᠬᠡ ᠲᠠᠶ᠋ᠢᠪᠤᠩ
ᠡᠬᠡ ᠣᠷᠣᠨ ᠂ ᠡᠵᠢ ᠂ ᠡᠯᠡᠰᠦ ᠮᠠᠩᠬ᠎ᠠ ᠁
ᠡᠨᠡ ᠣᠯᠠᠨ ᠶᠠᠭᠤᠮ᠎ᠠ ᠪᠣᠲᠣᠯ ᠳ᠋ᠤ᠌ ᠣᠷᠣᠨ᠎ᠠ
ᠡᠨᠡ ᠣᠯᠠᠨ ᠶᠠᠭᠤᠮᠠᠨ ᠳ᠋ᠤ᠌ ᠪᠣᠲᠣᠯ ᠳᠠᠷᠤᠭᠳᠠᠨ᠎ᠠ ᠡ
ᠳᠠᠪᠠᠬ᠋ᠠ ᠥᠨᠲᠥᠷ ᠪᠠᠶ᠋ᠢᠵᠢ ᠪᠢᠯᠡ
ᠳᠠᠮᠨᠠᠵᠤ ᠶᠠᠪᠤᠬᠤ ᠬᠠᠶ᠋ᠢᠷ᠎ᠠ ᠬᠦᠨᠲᠦ ᠪᠠᠶ᠋ᠢᠵᠢ ᠪᠢᠯᠡ
ᠳᠠᠯ᠎ᠠ ᠨᠣᠭᠣᠭᠠᠷᠠᠭᠰᠠᠨ ᠰᠡᠤᠠᠬᠢᠯ ᠦ᠋ᠨ ᠪᠣᠷᠣ ᠵᠠᠮ ᠶ᠋ᠢᠠᠷ
ᠳᠠᠮᠨᠠᠭᠤᠷᠴᠢᠨ ᠂ ᠵᠢᠷᠭᠠᠯ ᠲᠤᠯᠵᠤ
ᠬᠣᠯᠠ ᠶᠠᠪᠤᠭᠰᠠᠨ ᠪᠢᠯᠡ !
ᠬᠣᠷᠸ᠋᠎ᠠ ᠲᠠᠨᠢᠬᠰᠠᠨ ᠪᠢᠯᠡ !
ᠲᠡᠷᠡᠬᠦ ᠮᠥᠷ ᠨᠢ ᠂ ᠬᠠᠪᠤᠷ ᠦ᠋ᠨ ᠬᠦᠬᠡᠷᠬᠡᠭ ᠲᠠᠯ᠎ᠠ
ᠲᠡᠮᠲᠡᠭ ᠡᠷᠭᠦᠵᠦ ᠴᠡᠩᠬᠡᠷ ᠢᠷᠭᠤᠢ ᠪᠤᠲᠠᠯᠠᠭᠤᠯᠴᠢᠬᠠᠯᠡ
ᠢᠷᠭᠤᠢ ᠪᠠᠨ ᠲᠡᠪᠡᠷᠢᠵᠦ
ᠲᠠᠯ᠎ᠠ ᠂ ᠳᠡᠯᠡᠬᠡᠢ ᠶ᠋ᠢ ᠠᠯᠠᠭᠠᠨ ᠳᠡᠭᠡᠷ᠎ᠡ ᠪᠡᠨ ᠤᠷᠭᠤᠭᠤᠯᠤᠨ᠎ᠠ
ᠲᠠᠯ᠎ᠠ ᠪᠠᠨ ᠲᠠᠨᠢᠵᠤ
ᠢᠷᠭᠤᠢ ᠂ ᠬᠣᠷᠸ᠋᠎ᠠ ᠶ᠋ᠢ ᠡᠯᠢᠭᠡᠨ ᠳᠣᠣᠷ᠎ᠠ ᠪᠠᠨ ᠥᠮᠴᠢᠷᠬᠡᠨᠡ
ᠲᠠᠯ᠎ᠠ ᠂ ᠴᠡᠴᠡᠭ ᠬᠣᠶᠠᠭᠤᠯᠠ ᠶ᠋ᠢ ᠡᠬᠡ ᠣᠷᠣᠨ ᠤᠩᠰᠢᠨ᠎ᠠ ᠡ !
ᠮᠢᠨᠦ ᠂ ᠭᠣᠯᠣᠮᠲᠠ ᠡᠷᠭᠦᠬᠦ ᠪᠣᠲᠣᠯ
ᠮᠠᠷᠭᠠᠰᠢ ᠲᠩᠷᠢ ᠨᠥᠬᠥᠬᠦ ᠬᠦᠰᠡᠯ
ᠢᠷᠭᠤᠢ ᠭᠡᠵᠦ ᠴᠢᠮ᠎ᠠ ᠪᠠᠨ ᠪᠢ
ᠢᠷᠠᠭᠤ ᠨᠠᠶ᠋ᠢᠷᠠᠭ ᠶ᠋ᠢᠠᠷ ᠶ᠋ᠢᠠᠨ ᠳᠠᠭᠤᠳᠠᠨ᠎ᠠ
ᠢᠲᠡᠭᠡᠯ ᠨᠢ ᠶᠤᠮ ᠭᠡᠵᠦ ᠨᠤᠲᠤᠭ ᠲᠠᠭᠠᠨ ᠪᠢ
ᠢᠨᠢᠶᠡᠬᠦ ᠨᠢᠲᠦ ᠪᠡᠷ ᠶ᠋ᠢᠠᠨ ᠶᠠᠷᠢᠨ᠎ᠠ ᠁
ᠪᠢ ᠥᠯᠥᠭᠡᠢ ᠪᠣᠯᠴᠢᠯᠡ
ᠪᠠᠯᠲᠤ ᠰᠠᠶ᠋ᠢᠬᠠᠨ ᠨᠣᠶ᠋ᠢᠷ ᠤᠷᠤᠭᠤ
ᠪᠠᠶᠠᠨ ᠭᠤᠸ᠋᠎ᠠ ᠵᠡᠭᠦᠲᠦ ᠤᠷᠤᠭᠤ ᠴᠢᠮᠠᠶ᠋ᠢ ᠬᠥᠲᠥᠯᠦᠨ ᠰᠠᠵᠢᠯᠤᠨᠡ ᠪᠢᠯᠡ
ᠪᠢ ᠰᠦ᠋ ᠪᠣᠯᠴᠢᠯᠡ
ᠭᠦᠬᠦᠨ ᠲᠣᠪᠴᠢ ᠶ᠋ᠢᠨ ᠵᠢᠵᠢᠭᠬᠡᠨ ᠵᠠᠪᠰᠠᠷ ᠶ᠋ᠢᠠᠷ
ᠬᠥᠯᠥᠭ ᠦ᠋ᠨ ᠠᠯᠲᠠᠨ ᠳᠥᠷᠥᠭᠡ ᠥᠭᠡᠲᠡ ᠴᠢᠮ᠎ᠠ ᠶ᠋ᠢ ᠡᠷᠭᠦᠨ ᠢᠪᠡᠯᠦᠨ ᠪᠢᠯᠡ
ᠪᠢ ᠳᠠᠭᠤᠤ ᠪᠣᠯᠴᠢᠯᠡ
ᠥᠬᠦᠭᠡᠷᠲᠡᠯ ᠦ᠋ᠨ ᠨᠠᠮᠤᠭᠤᠬᠠᠨ ᠡᠭᠡᠰᠢᠭ ᠶ᠋ᠢᠡᠷ
ᠥᠩᠭᠡᠲᠦ ᠠᠮᠢᠲᠤᠷᠠᠯ ᠦ᠋ᠨ ᠵᠢᠷᠭᠠᠯ ᠤᠷᠤᠭᠤ ᠴᠢᠮ᠎ᠠ ᠪᠠᠨ ᠢᠷᠥᠭᠡᠨ ᠬᠠᠩᠭᠢᠨᠠᠨ᠎ᠠ ᠪᠢᠯᠡ !
ᠪᠢ ᠨᠠᠷᠠ ᠪᠣᠯᠴᠢᠯᠡ
ᠭᠡᠶ᠋ᠢᠭᠦᠯᠵᠦ ᠴᠢᠲᠠᠬᠤ ᠪᠦᠬᠦᠨ ᠶ᠋ᠢᠡᠨ ᠭᠡᠶ᠋ᠢᠭᠦᠯᠬᠦ
ᠭᠡᠷ ᠡᠴᠡ ᠦᠢᠯᠡᠰ ᠬᠦᠷᠬᠦ ᠵᠠᠮ ᠊ᠢ ᠴᠢᠨᠢ ᠭᠡᠷᠡᠯ ᠶ᠋ᠢᠡᠷ ᠶ᠋ᠢᠡᠨ ᠳᠡᠪᠢᠰᠬᠦ
ᠨᠠᠷᠠ ᠪᠣᠯᠴᠢᠯᠡ ᠪᠢ !
ᠡᠬᠡ ᠣᠷᠣᠨ ᠪ ᠪᠡᠨ ᠨᠡᠷ᠎ᠡ ᠶ᠋ᠢᠨ ᠡᠮᠦᠨ᠎ᠡ ᠡᠴᠡ
ᠡᠴᠢᠭᠡ ᠶ᠋ᠢᠨ ᠰᠠᠶ᠋ᠢᠬᠠᠨ ᠠᠯᠲᠠᠷ ᠡᠷᠭᠦᠬᠦ
ᠡᠩᠬᠡ ᠶ᠋ᠢᠨ ᠬᠠᠷᠠᠭᠤᠯ
ᠡᠷᠡᠭᠦᠯ ᠦ᠋ᠨ ᠮᠠᠨᠠᠬ᠋ᠠ
ᠡᠷᠬᠡ ᠴᠢᠯᠥᠭᠡᠨ ᠪ ᠴᠡᠷᠢᠭ ᠁
ᠨᠠᠷᠠ ᠪᠣᠯᠴᠢᠯᠡ ᠪᠢ ᠂ ᠨᠠᠷᠠ ᠪᠣᠯᠴᠢᠯᠡ ᠡ !
ᠮᠠᠨᠠᠨ
ᠴᠢ ᠮᠢᠨᠢ ᠵᠡᠭᠦᠲᠦᠯᠡᠨᠡ
ᠴᠢᠩᠬᠢᠭᠡᠳ ᠣᠬᠢᠯᠠᠨᠠ ᠂ ᠢᠨᠢᠶᠡᠨ᠎ᠡ
ᠶᠠᠭᠤ ᠴᠤ᠌ ᠦᠵᠡᠭᠳᠡᠬᠦ ᠦᠭᠡᠢ
ᠶᠠᠭᠤ ᠴᠤ᠌ ᠬᠠᠷᠠᠭᠲᠠᠬᠤ ᠦᠭᠡᠢ
ᠴᠡᠴᠡᠭ ᠬᠢᠰᠬᠢᠯᠡᠵᠦ ᠰᠢᠭᠤᠷᠬ᠋ᠠ ᠢᠰᠭᠡᠷᠦᠨ᠎ᠡ
ᠰᠡᠤᠠᠬᠢᠯ ᠴᠠᠷᠴᠠᠭᠠᠵᠤ ᠮᠥᠰᠦ ᠵᠤᠵᠠᠭᠠᠷᠠᠨ᠎ᠠ
ᠪᠡᠯᠴᠢᠭᠡᠷ ᠦ᠋ᠨ ᠥᠷᠥ ᠰᠦᠪᠡᠯᠡᠵᠦ
ᠪᠢᠯᠡᠭᠦᠲᠡᠭᠰᠡᠨ ᠬᠢᠲᠤᠭᠠᠨ ᠢᠷ ᠂ ᠵᠠᠮ ᠬᠠᠷᠠᠯᠠᠨ᠎ᠠ
ᠬᠥᠯ ᠮᠢᠨᠢ ᠡᠰᠭᠡᠭᠳᠡᠯᠡ
ᠬᠦᠷᠡᠩ ᠴᠢᠰᠤ ᠨᠡᠯᠦᠢ ᠬᠠᠯᠤᠢ
ᠪᠢ ᠣᠬᠢᠯᠠᠴᠢᠬᠠᠯᠠ
ᠮᠠᠨᠠᠨ ᠳ᠋ᠤ᠌ ᠲᠦᠭᠡᠷᠢᠵᠤ ᠪᠢ ᠂ ᠮᠠᠷᠭᠠᠰᠢ ᠥᠭᠡᠲᠡ ᠪᠡᠨ ᠶᠠᠪᠤᠯ᠎ᠠ
ᠰᠠᠯᠬᠢ ᠰᠡᠷ ᠰᠡᠷ
ᠪᠣᠷᠤᠬ᠋ᠠ ᠰᠢᠪᠡᠷ ᠰᠢᠪᠡᠷ
ᠪᠣᠲᠣᠯ ᠶ᠋ᠢᠠᠨ ᠳᠠᠭᠠᠨ ᠶᠠᠪᠤᠨ ᠶᠠᠪᠤᠭᠰᠠᠭᠠᠷ ᠪᠢ
ᠪᠥᠮᠪᠥᠷᠴᠡᠭ ᠦ᠋ᠨ ᠮᠠᠩᠨᠠᠢ ᠳ᠋ᠤ᠌ ᠭᠠᠷᠴᠢᠬᠠᠯ᠎ᠠ
ᠬᠦᠳᠡᠭᠳᠡᠭᠰᠡᠨ ᠬᠠᠷ᠎ᠠ ᠰᠦᠨᠢ ᠶ᠋ᠢᠨ ᠲᠡᠭᠷᠢ ᠶ᠋ᠢ ᠠᠷᠴᠢᠬᠰᠠᠭᠠᠷ
ᠬᠦᠷᠲᠦᠨ ᠤᠯᠠᠭᠠᠨ ᠠᠯᠴᠢᠭᠤᠷ ᠮᠥᠷᠥ ᠰᠢᠭᠦᠷᠦᠨ ᠪᠠᠭᠤᠨ᠎ᠠ
ᠬᠦᠯᠢᠶᠡᠭᠳᠡᠭᠰᠡᠨ ᠠᠮᠠᠷᠠᠭ ᠲᠡᠷᠭᠡᠯᠭᠡᠨ ᠵᠡᠭᠦᠲᠦ ᠰᠠᠮᠨᠠᠭᠰᠠᠭᠠᠷ
ᠬᠦᠷᠢᠶ᠎ᠡ ᠴᠠᠭᠠᠨ ᠬᠠᠲᠠᠭ ᠠᠯᠠᠬ᠋᠎ᠠ ᠥᠨᠥᠰᠦᠨ ᠰᠠᠭᠤᠨ᠎ᠠ
ᠣᠲᠣ ᠦᠰᠦᠨ ᠳ᠋ᠤ᠌ ᠮᠢᠨᠢ ᠰᠢᠭᠠᠯᠠ
ᠣᠯᠠᠨ ᠠᠷᠪᠢᠨ ᠭᠠᠷ ᠨᠠᠮᠠᠶ᠋ᠢ ᠭᠡᠲᠡᠭᠡᠯᠡᠨᠡ ᠂
ᠪᠢ ᠢᠨᠢᠶᠡᠴᠢᠭᠡᠯ᠎ᠡ!
ᠴᠢ ᠵᠡᠭᠦᠲᠦᠯᠡᠨᠡ
ᠴᠢᠩᠬᠢᠭᠡᠳ ᠣᠬᠢᠯᠠᠨᠠ ᠂ ᠢᠨᠢᠶᠡᠨ᠎ᠡ
ᠴᠢᠷᠠᠢ ᠴᠢᠨᠢ ᠲᠣᠲᠣᠷᠠᠨ ᠲᠣᠲᠣᠷᠠᠭᠰᠠᠭᠠᠷ
ᠴᠠᠪ ᠴᠠᠭᠠᠨ ᠰᠢᠯᠦᠭ ᠪᠣᠯᠴᠢᠯ᠎ᠠ!
ᠲᠡᠩᠬᠡᠯᠢᠭ
ᠬᠦᠮᠦᠨ ᠦ ᠬᠣᠩᠭᠣᠷᠬᠠᠨ ᠦᠷ᠎ᠡ
ᠬᠦᠰᠡᠯ ᠦᠨ ᠰᠠᠢᠬᠠᠨ ᠲᠡᠩᠬᠡᠯᠢᠭ ᠪᠠᠢᠨᠠᠮ ᠴᠢ!
ᠵᠦᠭ ᠵᠣᠪᠬᠢᠰ ᠤᠨ ᠲᠥᠪ
ᠲᠠᠯ᠎ᠠ ᠥᠨᠴᠥᠭ ᠦᠨ ᠳᠣᠪᠴᠢ
ᠴᠢᠮᠠᠶ᠋ᠢ ᠵᠠᠨᠤᠵᠦ ᠬᠦᠷᠳᠦ ᠳᠤᠭᠤᠢᠷᠠᠨᠠ
ᠴᠢᠮᠠᠶ᠋ᠢ ᠡᠮᠬᠦᠵᠦ ᠪᠥᠮᠪᠦᠷᠴᠡᠭ ᠬᠡᠯᠪᠡᠷᠢᠵᠢᠨᠡ
ᠪᠢᠳᠠ ᠣᠯᠠᠭᠤᠯᠠ ᠴᠢᠮᠠᠶ᠋ᠢ ᠲᠣᠭᠣᠷᠢᠵᠤ ᠭᠠᠷ ᠭᠠᠷ ᠢᠶᠠᠨ ᠬᠣᠯᠪᠣᠯᠴᠠᠨᠠ
ᠪᠢᠳᠠᠨ ᠤ ᠠᠮᠢᠳᠤᠷᠠᠯ ᠴᠢᠮ᠎ᠠ ᠪᠠᠷ ᠲᠥᠪᠯᠡᠵᠦ ᠡᠷᠭᠢᠯᠭᠡ ᠪᠣᠰᠣᠨ᠎ᠠ
ᠪᠢ᠂ ᠴᠢᠮ᠎ᠠ ᠪᠠᠨ ᠬᠠᠷᠠᠵᠤ ᠣᠯᠠᠨ ᠶᠠᠭᠤᠮ᠎ᠠ ᠵᠡᠭᠦᠳᠦᠯᠡᠨ᠎ᠡ ᠪᠢᠯᠡ
ᠴᠢᠮ᠎ᠠ ᠠ᠋ᠴᠠ ᠨᠤᠭᠲᠣ ᠪᠠᠨ ᠤᠶᠠᠵᠤ
ᠪᠢᠳᠠ ᠲᠡᠮᠡᠭᠡ ᠰᠢᠭ᠌ ᠤᠯᠠᠭᠠᠨ ᠡᠯᠡᠰᠦᠨ ᠳ᠋ᠤ᠌ ᠨᠣᠭᠤᠭᠠᠨ ᠪᠣᠳᠣᠯ ᠬᠢᠰᠬᠢᠨᠡᠮ
ᠴᠢᠮ᠎ᠠ ᠠ᠋ᠴᠠ ᠲᠠᠲᠠᠯᠭ᠎ᠠ ᠪᠠᠨ ᠬᠠᠳᠠᠵᠤ
ᠪᠢᠳᠠ ᠦᠬᠡᠷ ᠰᠢᠭ᠌ ᠵᠥᠭᠡᠯᠡᠨ ᠬᠡᠪᠲᠡᠷᠢ ᠳ᠋ᠤ᠌ ᠬᠠᠲᠠᠭᠤ ᠬᠦᠰᠡᠯ ᠬᠡᠪᠢᠨᠡᠮ
ᠴᠢᠮ᠎ᠠ ᠠ᠋ᠴᠠ ᠬᠠᠢᠷ᠎ᠠ ᠪᠠᠨ ᠤᠶᠠᠵᠤ
ᠪᠢᠳᠠ ᠣᠯᠠᠭᠤᠯᠠ᠂ ᠡᠪᠦᠯᠵᠢᠶ᠎ᠡ ᠡᠴᠡ ᠬᠠᠪᠤᠷᠵᠢᠶ᠎ᠠ ᠵᠦᠭ
ᠡᠩᠨᠡᠭᠡ ᠪᠣᠯᠵᠤ ᠣᠲᠣᠷᠯᠠᠨᠠᠮ ᠪᠢᠯᠡ
ᠲᠡᠨᠢᠭᠦᠬᠡᠨ ᠬᠠᠷᠠᠭᠳᠠᠬᠤ
ᠲᠡᠷᠡ ᠬᠠᠪᠤᠷᠵᠢᠶ᠎ᠠ ᠬᠣᠯᠠᠬᠠᠨ ᠪᠠᠢᠨ᠎ᠠ
ᠲᠡᠷᠭᠡ ᠴᠣᠴᠠᠭᠠᠬᠤ ᠴᠢᠯᠠᠭᠤ ᠬᠡᠪᠲᠡᠭᠰᠡᠨ ᠵᠠᠮ ᠢᠶᠠᠷ
ᠲᠡᠩᠬᠡᠯᠢᠭ ᠢᠶᠠᠨ ᠬᠦᠷᠢᠶᠡᠯᠡᠵᠦ
ᠬᠦᠷᠳᠦ ᠰᠢᠭ᠌ ᠪᠢᠳᠠ᠂ ᠬᠦᠴᠦ ᠬᠦᠴᠦ ᠪᠠᠨ ᠭᠠᠩᠨᠠᠵᠦ ᠶᠠᠪᠤᠨ᠎ᠠ ᠡ
ᠥᠭᠭᠦᠨᠡᠮ
ᠴᠢᠮ᠎ᠠ ᠳ᠋ᠠᠭᠠᠨ ᠪᠢ
ᠰᠦᠨ ᠴᠠᠭᠠᠨ ᠳᠡᠯᠡᠬᠡᠢ᠂ ᠡᠬᠡ ᠶ᠋ᠢᠨ ᠬᠠᠢᠷ᠎ᠠ ᠥᠭᠭᠦᠨᠡᠮ
ᠰᠦᠯᠳᠡ ᠶ᠋ᠢᠨ ᠦᠨᠳᠦᠷ ᠬᠠᠢᠷᠠᠬᠠᠨ ᠂ ᠡᠴᠢᠭᠡ ᠶ᠋ᠢᠨ ᠬᠡᠰᠢᠭ ᠥᠭᠭᠦᠨᠡᠮ
ᠭᠣᠪᠢ ᠶ᠋ᠢᠨ ᠴᠡᠩᠬᠡᠷᠬᠡᠨ ᠵᠡᠷᠭᠡᠯᠡᠭᠡ ᠨᠠᠭᠠᠳᠬᠤ
ᠰᠤᠭᠤ ᠶ᠋ᠢᠨ ᠠᠯᠢᠶᠠᠬᠠᠨ ᠪᠣᠳᠣᠯ ᠂ ᠵᠡᠭᠦᠳᠦ ᠥᠭᠭᠦᠨᠡᠮ
ᠲᠠᠯ᠎ᠠ ᠶ᠋ᠢᠨ ᠭᠣᠪᠠᠢᠬᠠᠨ ᠳᠡᠷᠡᠰᠦ ᠦᠰᠦᠷᠬᠦ
ᠭᠣᠯᠢᠶ᠎ᠠ ᠶ᠋ᠢᠨ ᠢᠷᠠᠭᠤᠬᠠᠨ ᠵᠢᠷᠦᠬᠡ᠂ ᠢᠨᠢᠶᠡᠳᠦ ᠥᠭᠭᠦᠨᠡᠮ
ᠴᠢᠮ᠎ᠠ ᠳ᠋ᠤ᠌ ᠥᠭᠭᠦᠨᠡᠮ
ᠴᠢᠮ᠎ᠠ ᠳ᠋ᠠᠭᠠᠨ ᠪᠢ
ᠴᠠᠩ ᠨᠢ ᠠᠷᠢᠯᠤᠭᠰᠠᠨ ᠂ ᠳᠤᠷᠠᠨ ᠬᠠᠷᠠᠭ᠎ᠠ ᠥᠭᠭᠦᠨᠡᠮ
ᠴᠠᠴᠤᠭ ᠨᠢ ᠳᠡᠯᠭᠡᠷᠡᠭᠰᠡᠨ ᠴᠡᠴᠡᠭ ᠂ ᠤᠷᠠᠨ ᠰᠠᠨᠠᠭ᠎ᠠ ᠥᠭᠭᠦᠨᠡᠮ
ᠤᠴᠠᠷᠠᠨ ᠵᠠᠶᠠᠭᠠᠭᠰᠠᠨ ᠠᠭᠤᠯᠠ ᠤᠰᠤᠨ ᠳ᠋ᠠᠭᠠᠨ
ᠤᠷᠢᠬᠠᠨ ᠬᠠᠪᠤᠷ
ᠤᠷᠠᠨ ᠠᠷᠪᠠᠨ ᠬᠤᠷᠤᠭᠤ ᠪᠠᠷ ᠢᠶᠠᠨ
ᠤᠭᠠᠯᠵᠠᠲᠤ ᠲᠡᠷᠯᠢᠭ ᠣᠶᠣᠨ᠎ᠠ ᠪᠢᠯᠡ ᠭᠡᠬᠦ ᠰᠠᠢᠬᠠᠨ ᠦᠯᠢᠭᠡᠷ ᠥᠭᠭᠦᠨᠡᠮ
ᠡᠷ᠎ᠡ ᠬᠥᠮᠦᠨ ᠲᠡᠭᠷᠢ ᠳᠡᠭᠡᠷ᠎ᠡ
ᠡᠮᠨᠢᠭ ᠰᠠᠨᠠᠭᠠᠨ ᠤ ᠳᠥᠷᠥᠭᠡ ᠶ᠋ᠢ ᠬᠠᠩᠭᠢᠨᠠᠭᠤᠯᠵᠤ
ᠡᠵᠢ ᠶ᠋ᠢᠨ ᠬᠦᠰᠡᠯ ᠲᠡᠭᠦᠨ᠎ᠡ ᠪᠢᠯᠡ ᠭᠡᠬᠦ ᠰᠤᠷᠭᠤᠭᠬᠠᠨ ᠳᠣᠮᠣᠭ ᠥᠭᠭᠦᠨᠡᠮ
ᠴᠢᠮ᠎ᠠ ᠳ᠋ᠤ᠌ ᠥᠭᠭᠦᠨᠡᠮ
ᠴᠢᠮ᠎ᠠ ᠳ᠋ᠠᠭᠠᠨ ᠪᠢ
ᠤᠨᠲᠠᠷᠠᠳᠠᠭ ᠦᠭᠡᠢ ᠭᠡᠷᠡᠯ ᠂ ᠵᠠᠯᠠᠭᠤᠬᠠᠨ ᠨᠠᠷᠠ ᠥᠭᠭᠦᠨᠡᠮ
ᠤᠷᠤᠭᠤᠳᠠᠳᠠᠭ ᠦᠭᠡᠢ ᠵᠠᠮ ᠂ ᠥᠭᠡᠳᠡᠷᠡᠭ ᠵᠠᠶᠠᠭ᠎ᠠ ᠥᠭᠭᠦᠨᠡᠮ
ᠰᠠᠢᠬᠠᠨ ᠴᠢᠮ᠎ᠠ ᠶ᠋ᠢ ᠨᠠᠳᠠ ᠣᠯᠭᠣᠭᠰᠠᠨ
ᠰᠠᠨᠠᠯ ᠬᠠᠢᠷ᠎ᠠ ᠶ᠋ᠢᠨ ᠠᠮᠢᠳᠤ ᠰᠠᠬᠢᠭᠤᠯᠰᠤᠨ᠂ ᠡᠬᠡ ᠣᠷᠣᠨ ᠢᠶᠠᠨ ᠥᠭᠭᠦᠨᠡᠮ
ᠡᠩᠬᠡ ᠶ᠋ᠢᠨ ᠲᠠᠪᠢᠯᠠᠩ ᠢᠶᠠᠨ ᠪᠢᠳᠠᠨ ᠳ᠋ᠤ᠌ ᠳᠤᠰᠢᠶᠠᠭᠰᠠᠨ
ᠡᠷᠭᠢᠬᠦ ᠬᠣᠷᠸ᠎ᠠ ᠶ᠋ᠢᠨ ᠴᠡᠩᠬᠡᠷ ᠳᠣᠪᠴᠢ᠂ ᠡᠨᠡ ᠳᠡᠯᠡᠬᠡᠢ ᠪᠡᠨ ᠥᠭᠭᠦᠨᠡᠮ
ᠡᠩᠬᠦᠷᠡᠢ ᠬᠠᠢᠷᠠᠲᠤ ᠦᠷ᠎ᠡ ᠮᠢᠨᠢ ᠡ
ᠡᠴᠢᠭᠡ ᠴᠢᠨᠢ ᠴᠢᠮᠠᠳᠤ ᠠᠯᠢᠪᠠ ᠪᠠᠨ ᠥᠭᠭᠦᠨᠡᠮ ᠪᠢᠯᠡ !
1985᠂ 11᠂ 21 - 12᠂ 31
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ : ᠳᠠᠪᠰᠢᠯᠲᠦ ᠂ ᠲᠤᠭ᠍ᠴᠢ ᠰᠠᠷᠠᠨ᠎ᠠ
2023᠂ 5᠂ 1 ᠪ ᠡᠲᠦᠷ
