ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-04 ишданзанваанжлийн ирээдүйд нийтлэх шүлэг-Хоёрдугаар бөлөг
ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-04
ᠬᠣᠶᠠᠳᠤᠭᠠᠷ ᠪᠦᠯᠦᠭ
ᠳᠥᠷᠪᠡ
ᠤᠯᠤᠰ ᠲᠥᠷᠥ ᠶ᠋ᠢᠨ ᠴᠠᠭᠠᠵᠠᠲᠤ
ᠶᠠᠷᠭᠢ ᠬᠠᠷ᠎ᠠ ᠲᠠᠮᠠᠬᠢ ᠂
ᠤᠯᠭᠢᠶᠠᠯᠠᠲᠤ ᠬᠣᠣᠷᠲᠤ ᠰᠢᠮᠨᠤ ᠶ᠋ᠢᠨ
ᠵᠢᠵᠢᠭ ᠰᠢᠮ᠎ᠡ ᠬᠡᠮᠡᠮᠦᠢ ᠂
ᠣᠨᠣᠯ ᠦᠭᠡᠢ ᠰᠤᠷᠮᠠᠭᠠᠶ᠋ᠢᠰᠢᠨ
ᠤᠤᠭᠤᠭᠰᠠᠭᠠᠷ ᠬᠣᠵᠢᠮ ᠳ᠋ᠤ᠌ ᠂
ᠤᠭᠤᠰᠠᠷᠯᠠᠨ ᠬᠠᠷᠰᠢᠯᠠᠬᠤ ᠪᠡᠶ᠎ᠡ ᠶ᠋ᠢᠨ
ᠳᠠᠶ᠋ᠢᠰᠤᠨ ᠪᠢᠰᠢ ᠦᠦ ?
ᠰᠢᠯ ᠳ᠋ᠧᠩ ᠊ᠢ ᠰᠢᠲᠠᠭᠠᠵᠤ ᠡᠮᠦᠨ᠎ᠡ ᠪᠡᠨ
ᠲᠠᠯᠪᠢᠭᠠᠳ ᠂
ᠰᠢᠯᠵᠢᠯ ᠦᠭᠡᠢ ᠥᠮᠭᠦᠷᠢᠵᠦ ᠨᠥᠬᠥᠷ
ᠪᠣᠯᠭᠠᠨ ᠰᠢᠲᠦᠭᠡᠳ ᠂
ᠰᠢᠨᠵᠢ ᠲᠡᠭᠦᠰ ᠪᠡᠶ᠎ᠡ ᠶᠦ᠍ᠭᠡᠨ
ᠰᠢᠨᠲᠡᠰ ᠰᠢᠷᠪᠤᠰ ᠪᠣᠯᠭᠠᠭᠠᠳ ᠂
ᠰᠢᠪᠰᠢᠭᠯᠡᠵᠦ ᠬᠥᠮᠦᠨ ᠪᠦᠷᠢ ᠶ᠋ᠢᠨ
ᠡᠨᠳᠡ ᠪᠣᠯᠬᠤ ᠪᠢᠰᠢ ᠦᠦ ?
ᠰᠠᠭᠠᠳ ᠦᠭᠡᠢ ᠡᠨᠡ ᠪᠡᠶ᠎ᠡ ᠰᠠᠭᠠᠷ
ᠦᠭᠡᠢ ᠬᠣᠯᠪᠣᠭᠳᠠᠨ ᠂
ᠰᠠᠨᠠᠭᠰᠠᠨ ᠤ᠋ ᠲᠡᠷᠡ ᠭᠠᠵᠠᠷ
ᠵᠠᠪᠳᠤᠯ ᠦᠭᠡᠢ ᠪᠣᠭᠣᠭᠳᠠ ᠂
ᠰᠠᠶ᠋ᠢᠬᠢ ᠶᠠᠭᠤᠮ᠎ᠠ ᠬᠣᠮᠰᠠᠳᠠᠭᠠᠳ
ᠦᠭᠡᠢ ᠪᠣᠯᠬᠤ ᠶ᠋ᠢᠨ ᠦᠶᠡᠰ ᠲᠣᠷ ᠂
ᠰᠠᠨᠳᠤᠷᠴᠤ ᠢᠷᠡᠭᠡᠳ ᠨᠥᠭᠴᠢᠷᠡᠬᠦ
ᠠᠮᠢᠨ ᠡᠷᠯᠢᠭ ᠢᠷᠡᠮᠦᠢ ᠃
ᠡᠪᠦᠭᠡᠳ ᠦ᠋ᠨ ᠦᠯᠡᠳᠡᠭᠡᠭᠰᠡᠨ
ᠥᠪᠯᠡᠯ ᠲᠣᠨᠣᠭ ᠡᠳ᠋ᠯᠡᠯ ᠊ᠢ
ᠥᠯᠵᠡᠢ ᠦᠭᠡᠢ ᠶᠠᠭᠤᠮ᠎ᠠ ᠪᠠᠷ
ᠬᠠᠶ᠋ᠢᠷᠠᠯᠠᠯ ᠦᠭᠡᠢ ᠰᠦᠢᠳᠬᠡᠭᠡᠳ ᠂
ᠦᠭᠡᠶ᠋ᠢᠭᠦᠷᠡᠨ ᠶᠠᠳᠠᠭᠤᠷᠠᠵᠤ
ᠵᠦᠳᠡᠬᠦᠢ ᠳ᠋ᠦ᠍ᠷ ᠬᠥᠷᠪᠡᠯᠡ ᠂
ᠥᠯᠪᠡᠷᠬᠦ ᠲᠠᠭᠠᠷᠠᠬᠤ ᠶ᠋ᠢᠨ
ᠭᠠᠴᠢᠭᠳᠠᠯ ᠊ᠢ ᠠᠮᠰᠠᠮᠤᠢ ᠃
ᠬᠣᠣᠷᠲᠤ ᠮᠠᠭᠤ ᠲᠠᠮᠠᠬᠢᠨ ᠤ᠋
ᠬᠣᠬᠢ ᠶᠡᠬᠡ ᠰᠦᠢᠳᠬᠡᠯ ᠢ᠋ᠶ᠋ᠡᠷ
ᠭᠤᠯᠢᠷ ᠮᠢᠬ᠎ᠠ ᠢᠳᠡᠪᠡᠴᠦ ᠬᠦᠷᠦᠯᠴᠡᠬᠦ
ᠠᠲᠠᠯ᠎ᠠ ᠂
ᠬᠤᠪᠢ ᠲᠡᠭᠦᠰ ᠪᠡᠶ᠎ᠡ ᠶᠦ᠍ᠭᠡᠨ
ᠵᠣᠪᠠᠯᠠᠩ ᠢ᠋ᠶ᠋ᠠᠷ ᠠᠷᠠᠯᠵᠢᠨ ᠂
ᠬᠤᠷᠴᠠ ᠣᠨᠣᠯ ᠪᠠᠯᠠᠶ᠋ᠢᠷᠠᠭᠰᠠᠨ
ᠮᠤᠩᠬᠠᠭ ᠳᠦᠷᠢ ᠪᠢᠰᠢ ᠦᠦ ?
ᠣᠯᠢᠭ ᠦᠭᠡᠢ ᠶᠠᠭᠤᠮᠠᠨ ᠳ᠋ᠤᠷ
ᠨᠢᠭᠡᠮᠦᠰᠦᠨ ᠡᠭᠦᠦᠷᠲᠦᠨ ᠂
ᠣᠯᠵᠠ ᠠᠰᠢᠭ ᠡᠷᠡᠮᠨᠡᠬᠦ ᠲᠠᠮᠢᠷ
ᠦᠭᠡᠢ ᠶ᠋ᠢᠨ ᠳᠡᠭᠡᠷ᠎ᠡ ᠂
ᠣᠨᠴᠠ ᠪᠡᠶ᠎ᠡ ᠶ᠋ᠢᠨ ᠰᠢᠯᠲᠠᠭᠠᠨ ᠢ᠋ᠶ᠋ᠠᠷ
ᠭᠡᠷᠦᠨ ᠬᠠᠮᠲᠤ ᠴᠢᠷᠦᠭᠲᠡᠨ ᠂
ᠤᠴᠠᠷᠠᠬᠤ ᠵᠣᠪᠠᠯᠠᠩ ᠊ᠢ ᠪᠦᠭᠦᠳᠡᠭᠡᠷ
ᠬᠦᠷᠲᠡᠮᠦᠢ ᠃
ᠡᠵᠢ ᠠᠪᠤ ᠭᠣᠮᠣᠳᠠᠵᠤ ᠵᠢᠮᠡᠯᠡᠬᠦ
ᠨᠢᠭᠡᠨ ᠵᠦᠢᠯ ᠂
ᠡᠮ᠎ᠡ ᠦᠷ᠎ᠡ ᠭᠠᠰᠠᠯᠤᠯᠴᠠᠨ ᠵᠣᠪᠠᠭᠳᠠᠬᠤ
ᠬᠣᠶᠠᠷ ᠵᠦᠢᠯ ᠂
ᠡᠨᠡ ᠪᠡᠶ᠎ᠡ ᠡᠪᠳᠡᠷᠡᠵᠦ ᠭᠠᠴᠢᠭᠳᠠᠬᠤ
ᠭᠤᠷᠪᠠᠨ ᠵᠦᠢᠯ ᠂
ᠡᠩ ᠦ᠋ᠨ ᠬᠥᠮᠦᠨ ᠰᠢᠭᠦᠮᠵᠢᠯᠡᠨ
ᠡᠯᠡᠭᠯᠡᠬᠦ ᠳᠥᠷᠪᠡᠨ ᠵᠦᠢᠯ ᠃
ᠪᠣᠳᠣᠯ ᠦᠭᠡᠢ ᠶ᠋ᠢᠨ ᠬᠠᠷᠠᠭ᠎ᠠ ᠪᠠᠷ
ᠬᠡᠨᠡᠲᠡᠭᠰᠡᠨ ᠮᠢᠨᠦᠬᠢ ᠂
ᠪᠤᠷᠲᠠᠭ ᠮᠠᠭᠤ ᠲᠠᠮᠠᠬᠢᠨ ᠳ᠋ᠤᠷ
ᠲᠦᠢᠤᠠᠬᠡᠷᠯᠡᠭᠰᠡᠨ ᠲᠤᠯᠠᠳᠠ ᠂
ᠪᠣᠯᠭᠣᠮᠵᠢᠯᠠᠨ ᠪᠣᠳᠣᠬᠤᠯ᠎ᠠ
ᠪᠤᠰᠤ ᠮᠡᠲᠦ ᠪᠣᠯᠪᠠᠴᠤ ᠂
ᠪᠣᠯᠤᠯ ᠦᠭᠡᠢ ᠴᠢᠳᠬᠥᠷ ᠡᠨᠳᠡ
ᠡᠵᠡᠯᠡᠪᠡ ᠬᠠᠶ᠋ᠢᠷᠠᠨ ᠃
ᠡᠨᠲᠡᠭᠲᠡᠯ ᠊ᠢ ᠠᠯᠳᠠᠷᠠᠭᠠᠬᠤ
ᠲᠠᠮᠢᠷ ᠴᠢᠳᠠᠯ ᠦᠭᠡᠢ ᠪᠡᠷ ᠂
ᠡᠨᠡ ᠪᠡᠶ᠎ᠡ ᠶ᠋ᠢᠨ ᠭᠡᠮ ᠵᠠᠩ
᠊ᠢ ᠲᠣᠭᠠᠴᠠᠭᠰᠠᠨ ᠲᠠᠰᠢᠷᠠᠮ ᠂
ᠡᠪᠯᠡᠭᠦᠯᠵᠦ ᠡᠷᠢᠶᠡᠴᠢᠨ ᠵᠢᠷᠤᠭᠳᠠᠭᠰᠠᠨ
ᠡᠭᠦᠨ ᠊ᠢ ᠂
ᠡᠷᠬᠢᠮ ᠣᠯᠠᠨ ᠪᠠᠭᠰᠢ ᠨᠠᠷ ᠦ᠋ᠳ
ᠰᠢᠭᠦᠮᠵᠢᠯᠡᠨ ᠰᠣᠶᠣᠷᠬ᠎ᠠ ᠃
ᠬᠥᠮᠦᠨ ᠪᠦᠷᠢ ᠶ᠋ᠢᠨ ᠲᠠᠮᠰᠢᠶᠠᠯᠠᠬᠤ
ᠢᠳᠡᠭᠡᠨ ᠦ᠌ ᠳᠣᠲᠣᠷ᠎ᠠ ᠂
ᠬᠥᠯᠴᠥᠭᠦᠷᠡᠨ ᠰᠣᠭᠲᠣᠭᠤᠷᠠᠬᠤ
ᠭᠠᠯᠵᠠᠭᠤ ᠬᠠᠷ᠎ᠠ ᠠᠷᠢᠬᠢ ᠂
ᠬᠦᠯᠢᠴᠡᠵᠦ ᠡᠰᠡ ᠴᠢᠳᠠᠨ ᠳᠡᠶ᠋ᠢᠯᠦᠭᠳᠡᠭᠦᠢ ᠳ᠋ᠦ᠍ᠷ
ᠬᠥᠷᠪᠡᠯᠡ ᠂
ᠬᠥᠩᠭᠡᠨ ᠬᠦᠨᠳᠦ ᠶ᠋ᠢᠨ ᠢᠯᠭᠠᠪᠤᠷᠢ ᠶ᠋ᠢ
ᠤᠮᠠᠷᠲᠠᠬᠤ ᠮᠠᠭᠠᠳ ᠪᠣᠢ ᠃
ᠡᠵᠡᠨ ᠲᠥᠷᠥ ᠶ᠋ᠢᠨ ᠨᠣᠶᠠᠳ ᠶᠡᠬᠡᠰ
ᠴᠦ᠍ ᠬᠡᠬᠦᠯᠵᠡᠵᠦ ᠬᠦᠨᠳᠦᠷᠡᠮᠦᠢ ᠂
ᠡᠷᠬᠢᠮ ᠰᠠᠬᠢᠯ ᠤ᠋ᠨ ᠲᠣᠶ᠋ᠢᠮᠣᠭ
ᠪᠠᠭᠰᠢ ᠴᠤ᠌ ᠮᠦᠰᠢᠶᠡᠵᠦ ᠰᠢᠮᠡᠮᠦᠢ ᠂
ᠡᠮ᠎ᠡ ᠦᠷ᠎ᠡ ᠲᠥᠷᠥᠯ ᠰᠠᠳᠤᠨ
ᠴᠦ᠍ ᠬᠣᠴᠣᠷᠬᠤ ᠦᠭᠡᠢ ᠪᠠᠯᠭᠤᠮᠤᠢ ᠂
ᠡᠯᠳᠡᠪ ᠨᠠᠮᠪᠠ ᠶ᠋ᠢᠨ ᠨᠠᠶ᠋ᠢᠷ
ᠬᠤᠷᠢᠮ ᠳ᠋ᠤ᠌ ᠰᠠᠪᠠ ᠳᠦᠭᠦᠷᠡᠩ ᠪᠢᠯᠬᠠᠮᠤᠢ ᠃
ᠰᠦ ᠰᠠᠭᠠᠯᠢ ᠶ᠋ᠢᠨ ᠳᠡᠭᠡᠵᠢ
ᠭᠡᠮᠡᠨ ᠬᠥᠮᠦᠨ ᠪᠦᠷᠢ ᠮᠠᠭᠲᠠᠮᠤᠢ ᠂
ᠰᠢᠮᠡᠳᠦ ᠲᠠᠷᠢᠶ᠎ᠠ ᠶ᠋ᠢᠨ ᠣᠬᠢ
ᠭᠡᠮᠡᠨ ᠬᠦᠷᠲᠡᠬᠦ ᠪᠦᠷᠢ ᠰᠠᠶ᠋ᠢᠰᠢᠶᠠᠮᠤᠢ ᠂
ᠰᠢᠨᠠᠯᠭᠠᠬᠤ ᠡᠪᠡᠳᠴᠢᠨ ᠬᠡᠨᠡᠭᠡ ᠶ᠋ᠢᠨ
ᠳᠠᠷᠤᠯᠭ᠎ᠠ ᠭᠡᠮᠡᠨ ᠢᠷᠦᠭᠡᠮᠦᠢ ᠂
ᠰᠠᠢᠨ ᠰᠠᠢᠬᠠᠨ ᠤ᠋ ᠪᠡᠯᠭᠡ ᠳᠡᠮᠪᠡᠷᠢᠯ
ᠭᠡᠮᠡᠨ ᠢᠷᠦᠭᠡᠮᠦᠢ ᠃
ᠨᠢᠭᠡᠨ ᠦᠭᠡᠨ ᠦ᠌ ᠬᠠᠲᠠᠭᠤ ᠳ᠋ᠤᠷ
ᠲᠡᠮᠡᠴᠡᠯ ᠊ᠢ ᠡᠳᠦᠮᠦᠢ ᠂
ᠨᠢᠭᠡᠨ ᠠᠭᠰᠤᠮ ᠣᠮᠣᠭ ᠢ᠋ᠶ᠋ᠠᠷ
ᠬᠡᠷᠡᠭ ᠤᠷᠰᠢᠭ ᠊ᠢ ᠭᠠᠷᠭᠠᠮᠤᠢ ᠂
ᠨᠢᠭᠡᠨ ᠬᠤᠷᠢᠮ ᠪᠠᠯᠠᠷᠠᠯ ᠳ᠋ᠤᠷ
ᠲᠠᠩᠭᠠᠷᠢᠭ ᠊ᠢ ᠠᠯᠳᠠᠮᠤᠢ ᠂
ᠨᠢᠭᠡᠨ ᠴᠠᠭ ᠤ᠋ᠨ ᠮᠤᠩᠬᠠᠷᠠᠯ ᠳ᠋ᠤᠷ
ᠲᠦᠮᠡᠨ ᠬᠡᠷᠡᠭ ᠮᠠᠷᠲᠠᠮᠤᠢ ᠃
ᠦᠨᠦᠷ ᠠᠮᠲᠠ ᠢᠳᠡᠭᠡᠨ ᠊ᠢ ᠲᠣᠭᠲᠠᠭᠠᠵᠤ
ᠶᠠᠳᠠᠨᠠᠮ ᠂
ᠥᠩᠭᠡ ᠰᠠᠶ᠋ᠢᠲᠤ ᠬᠤᠪᠴᠠᠰᠤᠨ ᠢ᠋ᠶ᠋ᠠᠨ
ᠡᠯᠳᠡᠪ ᠢ᠋ᠶ᠋ᠡᠷ ᠬᠬᠢᠷᠲᠦᠭᠡᠳ ᠂
ᠥᠯᠵᠡᠢ ᠪᠤᠰᠤ ᠶ᠋ᠢᠨ ᠦᠭᠡᠰ ᠢ᠋ᠶ᠋ᠡᠷ
ᠤᠷᠤᠭ ᠢ᠋ᠶ᠋ᠠᠨ ᠳᠠᠭᠠᠷᠢᠨ ᠂
ᠦᠨᠡᠨ ᠳ᠋ᠡᠭᠡᠨ ᠬᠡᠷᠰᠡᠦ ᠬᠥᠮᠦᠨ
ᠭᠡᠨᠡᠳᠡᠬᠦ ᠪᠢᠰᠢ ᠦᠦ ?
ᠠᠮᠲᠠᠯᠠᠬᠤᠢ ᠳ᠋ᠤᠷ ᠠᠮᠲᠠ ᠠᠨᠤ
ᠰᠠᠢᠬᠠᠨ ᠮᠡᠲᠦ ᠪᠣᠯᠪᠠᠴᠤ ᠂
ᠠᠵᠢᠭᠯᠠᠵᠤ ᠪᠣᠳᠣᠬᠤᠯ᠎ᠠ ᠴᠢᠨᠠᠷ
ᠠᠨᠤ ᠬᠣᠣᠷᠯᠠᠯᠲᠠᠢ ᠂
ᠠᠭᠰᠤᠮᠨᠠᠵᠤ ᠤᠤᠭᠤᠭᠰᠠᠭᠠᠷ ᠶᠡᠬᠡ
ᠲᠡᠨᠡᠭ ᠪᠣᠯᠤᠭᠠᠳ ᠂
ᠠᠯᠳᠠᠷᠠᠭᠠᠬᠤ ᠬᠡᠷᠡᠭ ᠢᠨᠤ ᠪᠠᠭ᠎ᠠ
ᠪᠤᠰᠤ ᠮᠡᠲᠦ ᠰᠢᠭ ᠃
ᠡᠵᠡᠨ ᠪᠣᠭᠣᠯ ᠬᠣᠭᠣᠷᠣᠨᠳᠣ ᠶᠣᠰᠣᠯᠠᠯ
᠊ᠢ ᠠᠯᠳᠠᠮᠤᠢ ᠂
ᠡᠴᠢᠭᠡ ᠬᠥᠪᠡᠭᠦᠨ ᠬᠣᠭᠣᠷᠣᠨᠳᠣ
ᠡᠯᠪᠡᠷᠢᠯ ᠊ᠢ ᠮᠠᠷᠲᠠᠮᠤᠢ ᠂
ᠡᠷ᠎ᠡ ᠡᠮ᠎ᠡ ᠬᠣᠭᠣᠷᠣᠨᠳᠣ ᠡᠶ᠎ᠡ
ᠵᠢᠷᠤᠮ ᠊ᠢ ᠬᠡᠭᠡᠮᠦᠢ ᠂
ᠡᠩ ᠦ᠋ᠨ ᠬᠥᠮᠦᠨ ᠬᠣᠭᠣᠷᠣᠨᠳᠣ
ᠨᠠᠶ᠋ᠢᠷᠠᠮᠲᠠᠯ ᠊ᠢ ᠡᠪᠳᠡᠮᠦᠢ ᠃
ᠬᠤᠷᠢᠮ ᠨᠠᠶ᠋ᠢᠷ ᠤ᠋ᠨ ᠪᠠᠶᠠᠷ
ᠪᠡᠯᠡᠭ ᠲᠦ᠍ ᠬᠡᠮᠵᠢᠶᠡᠲᠡᠢ ᠬᠡᠷᠡᠭᠯᠡᠨ ᠂
ᠬᠤᠭᠤᠷ ᠬᠥᠭᠵᠢᠮ ᠢᠯᠡᠭᠦᠦ ᠰᠢᠭ
ᠡᠭᠦᠰᠬᠡᠪᠡᠯ ᠵᠣᠬᠢᠰᠲᠠᠢ ᠂
ᠬᠣᠣᠷᠲᠤ ᠲᠡᠷᠡ ᠤᠰᠤᠨ ᠭᠣᠣᠯ ᠳ᠋ᠤᠷ
ᠮᠥᠴᠡᠭᠡᠷᠬᠡᠬᠦ ᠪᠣᠯᠪᠠᠰᠤ ᠂
ᠬᠤᠲᠤᠭ ᠣᠯᠤᠭᠰᠠᠨ ᠪᠣᠭᠳᠠ ᠪᠣᠯᠪᠠᠴᠤ
ᠲᠤᠭᠤᠯᠠᠬᠤᠶᠠ ᠪᠡᠷᠬᠡ ᠪᠣᠢ ᠃
ᠭᠡᠭᠡᠨ ᠪᠤᠷᠬᠠᠨ ᠳᠡᠭᠡᠳᠦᠰ ᠲᠦ᠍ᠷ
ᠲᠠᠬᠢᠯ ᠨᠠᠩᠵᠢᠳ ᠪᠣᠯᠤᠮᠤᠢ ᠂
ᠬᠡᠮᠵᠢᠶᠡᠲᠡᠢ ᠡᠲᠯᠡᠭᠴᠢ ᠳ᠋ᠦ᠍ᠷ
ᠪᠡᠶ᠎ᠡ ᠶ᠋ᠢᠨ ᠵᠠᠰᠠᠯ ᠪᠣᠯᠤᠮᠤᠢ ᠂
ᠬᠡᠲᠦᠷᠬᠡᠶ᠋ᠢᠶᠡ ᠰᠢᠨᠤᠪᠠᠰᠤ
ᠨᠢᠭᠡᠨ ᠭᠡᠮ ᠳ᠋ᠦ᠍ ᠬᠦᠷᠲᠡᠮᠦᠢ ᠂
ᠬᠡᠳᠦᠨ ᠰᠢᠯᠦᠭ ᠬᠣᠯᠪᠣᠪᠠᠴᠤ
ᠰᠠᠨᠠᠭᠤᠯᠬᠤ ᠶ᠋ᠢᠨ ᠲᠡᠲᠦᠶ᠋ᠢᠬᠡᠨ ᠃
ᠰᠠᠷᠠᠨ ᠭᠡᠷᠡᠯ ᠬᠡᠮᠡᠭᠲᠡᠬᠦ
ᠰᠠᠢᠨ ᠴᠠᠭ ᠤ᠋ᠨ ᠪᠤᠷᠬᠠᠨ ᠢ᠋ᠶ᠋ᠠᠷ ᠂
ᠽᠠᠮᠪᠤᠯᠢᠩ ᠤ᠋ᠨ ᠨᠣᠮ ᠤ᠋ᠨ ᠬᠦᠷᠳᠦ
ᠡᠷᠭᠢᠭᠦᠯᠬᠦ ᠶ᠋ᠢᠨ ᠲᠡᠷᠡ ᠴᠠᠭ ᠂
ᠰᠡᠴᠡᠨ ᠨᠢᠭᠡᠨ ᠰᠢᠮᠨᠤ ᠶ᠋ᠢᠨ
ᠬᠠᠭᠠᠨ ᠵᠡᠭᠦᠳᠦᠨ ᠦ᠌ ᠪᠡᠯᠭᠡ ᠪᠡᠷ ᠂
ᠰᠠᠷᠬᠤᠳ ᠭᠡᠮᠡᠨ ᠶᠢᠰᠦᠨ ᠬᠣᠣᠷ᠎ᠠ ᠶ᠋ᠢᠨ
ᠠᠷᠢᠬᠢᠨ ᠊ᠢ ᠵᠠᠰᠠᠪᠠᠢ ᠃
ᠠᠮᠢ ᠪᠡᠶ᠎ᠡ ᠬᠦᠨᠳᠦᠳᠬᠡᠬᠦ ᠶᠣᠰᠣ
ᠨᠣᠮᠯᠠᠯ ᠳᠣᠲᠣᠷ᠎ᠠ ᠂
ᠠᠮᠢᠰᠬᠤᠯ ᠊ᠢ ᠲᠡᠵᠢᠭᠡᠬᠦ ᠠᠷᠭ᠎ᠠ
ᠪᠦᠷᠢᠨ ᠴᠢᠬᠤᠯᠠ ᠂
ᠠᠰᠠᠷᠠᠯ ᠤ᠋ᠨ ᠠᠯᠳᠠᠯ ᠠ᠋ᠴᠠ
ᠨᠢᠭᠡᠨ ᠭᠡᠮ ᠳ᠋ᠦ᠍ᠷ ᠬᠦᠷᠲᠡᠮᠦᠢ ᠂
ᠠᠩᠬᠠᠨ ᠠ᠋ᠴᠠ ᠪᠣᠯᠭᠣᠮᠵᠢᠯᠠᠨ
ᠮᠡᠳᠡᠪᠡᠰᠦ ᠵᠣᠬᠢᠮᠤᠢ ᠃
ᠬᠥᠳᠡᠯᠬᠦ ᠶᠠᠪᠤᠬᠤ ᠳ᠋ᠤ᠌ ᠴᠢᠰᠤᠨ
ᠰᠤᠳᠠᠯ ᠨᠡᠭᠡᠭᠡᠭᠳᠡᠨ ᠂
ᠬᠦᠴᠦᠨ ᠲᠠᠮᠢᠷ ᠨᠡᠮᠡᠭᠲᠡᠬᠦ
ᠠᠮᠤᠷᠯᠢᠩᠭᠤᠢ ᠪᠣᠯᠬᠤ ᠪᠠ ᠂
ᠬᠥᠨᠳᠡᠢ ᠵᠦᠭᠡᠷ ᠰᠠᠭᠤᠭᠰᠠᠭᠠᠷ
ᠬᠥᠯᠥᠰᠥ ᠢᠨᠤ ᠬᠠᠭᠠᠭᠳᠠᠨ ᠂
ᠬᠥᠪᠴᠢᠨ ᠪᠡᠶ᠎ᠡ ᠬᠦᠨᠳᠦᠷᠡᠵᠦ
ᠵᠣᠪᠠᠯᠠᠩ ᠲᠠᠢ ᠪᠣᠯᠤᠮᠤᠢ ᠃
ᠠᠰᠤᠷᠤ ᠬᠤᠷᠴᠠ ᠢᠳᠡᠭᠡᠨ ᠢ᠋ᠶ᠋ᠡᠷ
ᠰᠢᠷ᠎ᠠ ᠨᠠᠷᠢ ᠪᠣᠯᠬᠤ ᠪᠠ ᠂
ᠠᠮᠠᠷᠠᠭ ᠤ᠋ᠨ ᠬᠤᠷᠢᠴᠠᠯ ᠢ᠋ᠶ᠋ᠠᠷ
ᠰᠢᠮ᠎ᠡ ᠬᠦᠴᠦᠨ ᠪᠠᠭᠤᠷᠠᠨ ᠂
ᠠᠭᠤᠷ ᠣᠮᠣᠭ ᠤ᠋ᠨ ᠪᠠᠴᠢᠮᠳᠠᠯ ᠢ᠋ᠶ᠋ᠠᠷ
ᠠᠮᠢᠰᠬᠤᠯ ᠊ᠢ ᠬᠣᠣᠷᠯᠠᠵᠤ ᠂
ᠠᠷᠢᠬᠢᠨ ᠤ᠋ ᠬᠣᠣᠷᠯᠠᠯ ᠠ᠋ᠴᠠ
ᠰᠠᠪᠠ ᠴᠤᠯᠤ ᠬᠥᠳᠡᠯᠮᠦᠢ ᠃
ᠠᠶᠤᠬᠤ ᠪᠠ ᠰᠣᠴᠢᠬᠤ ᠪᠠᠷ ᠪᠠᠯᠠᠢ
ᠪᠣᠯᠬᠤ ᠪᠠ ᠂
ᠠᠯᠢ ᠪᠠᠰᠠ ᠤᠮᠲᠠᠬᠤ ᠪᠠᠷ ᠪᠡᠶ᠎ᠡ
ᠬᠦᠨᠳᠦ ᠪᠣᠯᠤᠮᠤᠢ ᠂
ᠠᠷᠢᠭᠤᠬᠠᠨ ᠴᠡᠪᠡᠷ ᠢ᠋ᠶ᠋ᠡᠷ
ᠰᠢᠷᠬᠡᠭ ᠠᠭᠤᠤ ᠪᠣᠯᠬᠤ ᠪᠠ ᠂
ᠠᠷᠴᠢᠬᠤ ᠪᠠ ᠤᠬᠢᠶᠠᠬᠤ ᠠᠰᠠᠷᠠᠯ
᠊ᠢ ᠪᠦᠷᠢᠳᠬᠡ ᠃
ᠬᠦᠴᠢᠷ ᠬᠦᠨᠳᠦ ᠶᠠᠪᠤᠳᠠᠯ ᠢ᠋ᠶ᠋ᠠᠷ
ᠶᠠᠰᠤ ᠮᠢᠬ᠎ᠠ ᠬᠡᠯᠪᠡᠷᠢᠨ ᠂
ᠬᠥᠰᠡᠷ ᠬᠦᠢᠲᠡᠨ ᠢᠳᠡᠭᠡᠨ ᠢ᠋ᠶ᠋ᠡᠷ
ᠡᠮᠭᠡᠭ ᠲᠠᠬᠤᠯ ᠬᠦᠷᠲᠡᠮᠦᠢ ᠂
ᠬᠦᠢᠲᠡᠨ ᠳ᠋ᠦ᠍ᠷ ᠲᠠᠭᠠᠷᠠᠵᠤ
ᠬᠠᠯᠠᠭᠤᠨ ᠳ᠋ᠤᠷ ᠪᠥᠭᠴᠥᠭᠡᠨᠡᠨ ᠂
ᠬᠥᠮᠦᠨ ᠪᠡᠶ᠎ᠡ ᠡᠪᠳᠡᠷᠡᠬᠦ ᠬᠡᠯᠪᠡᠷᠢᠯ
᠊ᠢ ᠮᠡᠳᠡᠯᠲᠡᠢ ᠃
ᠠᠰᠢᠳᠠ ᠪᠠᠲᠤ ᠰᠢᠳᠤᠷᠭᠤ ᠪᠠᠷ
ᠲᠤᠰᠠ ᠬᠢᠬᠦ ᠬᠥᠮᠦᠨ ᠊ᠢ ᠂
ᠠᠷᠭ᠎ᠠ ᠴᠢᠳᠠᠯ ᠲᠡᠭᠦᠰᠦᠭᠰᠡᠨ
ᠪᠠᠭᠰᠢ ᠭᠡᠮᠡᠨ ᠰᠢᠲᠦᠶ᠎ᠡ ᠂
ᠠᠪᠤᠷᠠᠯ ᠤ᠋ᠨ ᠣᠷᠣᠨ ᠪᠦᠬᠦᠨ
᠊ᠢ ᠵᠢᠷᠦᠬᠡᠨ ᠳ᠋ᠦ᠍ᠷ ᠪᠢᠰᠢᠷᠡᠶ᠎ᠡ ᠂
ᠠᠳᠢᠰᠲᠢᠳ ᠤ᠋ᠨ ᠥᠯᠵᠡᠢ ᠪᠤᠶᠠᠨ
ᠠᠷᠪᠠᠨ ᠵᠦᠭ ᠲᠦ᠍ ᠳᠡᠯᠭᠡᠷᠡ ᠃
ᠬᠡᠴᠢᠨᠡᠭᠡᠨ ᠨᠠᠰᠤᠯᠠᠬᠤ ᠡᠨᠡ
ᠨᠢᠭᠡᠨ ᠨᠠᠰᠤᠨ᠎ᠠ ᠂
ᠬᠢᠴᠢᠶᠡᠯᠲᠡᠢ ᠶᠠᠪᠤᠬᠤ ᠪᠠᠨ
ᠬᠢᠨᠠᠬᠤ ᠶ᠋ᠢ ᠡᠷᠬᠢᠮᠯᠡᠨ ᠂
ᠬᠢᠯᠢᠨᠴᠡᠰᠲᠦ ᠠᠰᠢᠭ ᠡᠳ᠋ ᠊ᠢ
ᠬᠡᠲᠦᠷᠬᠡᠶ᠋ᠢᠶᠡ ᠰᠢᠨᠤᠵᠤ ᠂
ᠬᠡᠮᠵᠢᠶᠡᠲᠦ ᠵᠢᠷᠭᠠᠯᠠᠩ ᠊ᠢ
ᠬᠣᠣᠷᠯᠠᠭᠤᠵᠠᠢ ᠬᠢᠴᠢᠶᠡ ᠃
ᠬᠥᠮᠦᠨ ᠪᠠᠰᠠ ᠵᠠᠷᠢᠮ ᠨᠢᠭᠡᠨ
ᠰᠡᠳᠬᠢᠯ ᠶᠠᠳᠠᠭᠤ ᠲᠥᠷᠥᠵᠦ ᠂
ᠭᠥᠷᠳᠡᠪᠡᠴᠦ ᠴᠠᠳᠬᠤ ᠦᠭᠡᠢ ᠪᠠᠶ᠋ᠢᠵᠠ
ᠪᠠᠶ᠋ᠢᠵᠠ ᠬᠡᠮᠡᠮᠦᠢ ᠂
ᠬᠦᠷᠦᠯᠴᠡᠬᠦ ᠮᠠᠰᠢ ᠪᠡᠷᠬᠡ ᠰᠡᠳᠬᠢᠯ ᠢ᠋ᠶ᠋ᠡᠷ
ᠬᠣᠮᠰᠠᠳᠤᠮᠤᠢ ᠂
ᠬᠥᠮᠦᠨ ᠪᠦᠷᠢ ᠶ᠋ᠢᠨ ᠬᠠᠷᠢᠶᠠᠯ
᠊ᠢ ᠭᠡᠷᠦᠨ ᠬᠠᠮᠲᠤ ᠬᠦᠷᠲᠡᠮᠦᠢ ᠃
ᠣᠨᠣᠯ ᠦᠭᠡᠢ ᠵᠠᠷᠢᠮ ᠨᠢᠭᠡᠨ
ᠥᠬᠢᠨ ᠢ᠋ᠶ᠋ᠡᠨ ᠪᠠᠷᠳᠠᠮᠯᠠᠨ ᠂
ᠣᠯᠵᠠ ᠠᠰᠢᠭ ᠡᠷᠡᠮᠨᠡᠵᠦ ᠲᠥᠷᠥ ᠶ᠋ᠢᠨ
ᠪᠤᠵᠠᠷ ᠳᠡᠯᠭᠡᠭᠡᠳ ᠂
ᠣᠯᠢᠭ ᠦᠭᠡᠢ ᠮᠠᠭᠤ ᠨᠡᠷ᠎ᠡ ᠶ᠋ᠢ
ᠡᠷᠳᠡᠮ ᠪᠣᠯᠭᠠᠨ ᠰᠢᠨᠤᠭᠴᠢ ᠂
ᠣᠪᠣᠭ ᠨᠡᠷ᠎ᠡ ᠪᠠᠷᠠᠭᠳᠠᠬᠤ ᠪᠤᠵᠠᠷ
ᠡᠭᠦᠳᠡ ᠬᠡᠮᠡᠮᠦᠢ ᠃
ᠠᠲᠠᠭᠠᠷᠬᠠᠨ ᠲᠡᠮᠡᠴᠡᠬᠦ ᠠᠰᠢᠭ
ᠨᠡᠷ᠎ᠡ ᠬᠣᠶᠠᠷ ᠊ᠢ ᠂
ᠠᠯᠢ ᠬᠥᠮᠦᠨ ᠰᠡᠳᠬᠢᠯ ᠳ᠋ᠡᠭᠡᠨ
ᠬᠠᠨᠤᠭᠤᠯᠤᠨ ᠴᠢᠳᠠᠮᠤᠢ ᠂
ᠠᠳᠬᠠᠭ ᠰᠢᠨᠤᠯ ᠬᠦᠰᠡᠯ ᠢᠨᠤ
ᠵᠢᠷᠤᠮ ᠵᠦᠢ ᠳ᠋ᠦ᠍ ᠨᠡᠶ᠋ᠢᠯᠡᠪᠡ ᠂
ᠠᠷᠭ᠎ᠠ ᠴᠢᠳᠠᠯ ᠲᠡᠭᠦᠰᠦᠭᠰᠡᠨ
᠊ᠢ ᠪᠠᠭᠰᠢ ᠭᠡᠵᠦ ᠰᠢᠲᠦᠶ᠎ᠡ ᠃
ᠰᠤᠷᠭᠠᠯ ᠨᠣᠮ ᠤ᠋ᠨ ᠤᠪᠠᠳᠢᠰ
᠊ᠢ ᠠᠩᠬᠠᠷᠤᠨ ᠂
ᠰᠤᠷᠤᠯᠴᠠᠬᠤ ᠶ᠋ᠢᠨ ᠠᠪᠢᠶᠠᠰ
᠊ᠢ ᠲᠤᠷᠰᠢᠨ ᠂
ᠰᠤᠳᠤᠯᠤᠭᠰᠠᠨ ᠪᠢᠯᠢᠭ ᠡᠷᠳᠡᠮ
ᠳᠡᠯᠭᠡᠷᠡᠨ ᠂
ᠰᠤᠳᠤᠷ ᠲᠠᠷᠨᠢ ᠶ᠋ᠢᠨ ᠱᠠᠵᠢᠨ
ᠯᠤᠭ᠎ᠠ ᠤᠴᠠᠷᠠᠨ᠎ᠠ ᠃
ᠪᠤᠷᠬᠠᠨ ᠤ᠋ ᠱᠠᠵᠢᠨ ᠠᠷᠪᠠᠨ
ᠵᠦᠭ ᠲᠦ᠍ ᠳᠡᠯᠭᠡᠷᠡᠨ ᠂
ᠪᠣᠭᠳᠠ ᠪᠯᠠᠮ᠎ᠠ ᠨᠠᠷ ᠤ᠋ᠨ ᠥᠯᠮᠡᠢ
ᠪᠠᠲᠤᠳᠠᠨ ᠂
ᠪᠤᠶᠠᠨ ᠦᠢᠯᠡ ᠪᠠᠰᠠ ᠮᠠᠰᠢ ᠠᠷᠢᠭᠤᠨ
᠂
ᠪᠣᠳᠢ ᠮᠥᠷ ᠲᠣᠷ ᠪᠠᠶᠠᠰᠤᠯᠴᠠᠨ
ᠳᠠᠭᠠᠨ᠎ᠠ ᠃
ᠠᠪᠤᠷᠠᠭᠴᠢ ᠪᠣᠭᠳᠠ ᠪᠯᠠᠮ᠎ᠠ
ᠠᠷᠪᠠᠨ ᠵᠦᠭ ᠦ᠋ᠨ ᠪᠤᠷᠬᠠᠳ ᠪᠠ ᠂
ᠠᠳᠢᠰᠲᠢᠳ ᠲᠤᠷ ᠨᠣᠮ ᠪᠥᠭᠡᠳ
ᠬᠤᠸᠠᠷᠠᠭ ᠦ᠋ᠳ ᠰᠠᠯᠳᠠᠰ ᠲᠤᠷ ᠂
ᠠᠷᠢᠭᠤᠨ ᠲᠠᠬᠢᠯ ᠡᠷᠭᠦᠭᠰᠡᠨ
ᠪᠠ ᠮᠥᠷᠭᠦᠭᠰᠡᠨ ᠦ᠌ ᠪᠤᠶᠠᠨ ᠊ᠢ ᠂
ᠠᠭᠤᠤ ᠡᠷᠬᠢᠮ ᠢᠷᠦᠭᠡᠯ ᠦ᠋ᠨ
ᠪᠣᠳᠢ ᠮᠥᠷ ᠲᠣᠷ ᠵᠣᠷᠢᠮᠤᠢ ᠃
ᠢᠷᠡᠭᠡᠳᠦᠢ ᠴᠠᠭ ᠤ᠋ᠨ ᠪᠠᠶ᠋ᠢᠲᠠᠯ
᠊ᠢ ᠡᠷᠲᠡ ᠡᠴᠡ ᠨᠣᠮᠯᠠᠭᠰᠠᠨ ᠂
ᠡᠶ᠋ᠢᠮᠦ ᠨᠢᠭᠡᠨ ᠬᠠᠲᠠᠭᠤ ᠵᠠᠷᠯᠢᠭ
᠊ᠢ ᠠᠶ᠋ᠢᠯᠠᠲᠤᠭᠰᠠᠨ ᠡᠭᠦᠨ ᠊ᠢ ᠂
ᠢᠰᠢᠺᠡᠯᠽᠠᠩᠨᠤᠷᠪᠤ ᠪᠠᠭᠰᠢ ᠬᠠᠳᠠᠭᠠᠯᠠᠨ
ᠪᠠᠶ᠋ᠢᠬᠰᠠᠨ ᠊ᠢ ᠂
ᠡᠳᠦᠭᠡ ᠳ᠋ᠦ᠍ᠷ ᠴᠠᠭ ᠤ᠋ᠨ ᠲᠣᠬᠢᠶᠠᠯ
᠊ᠢ ᠨᠡᠶ᠋ᠢᠯᠡᠭᠦᠯᠦᠨ ᠲᠠᠷᠬᠠᠭᠠᠪᠠᠢ ᠃
ᠬᠦᠩ ᠦ᠋ᠨ ᠵᠣᠣ ᠶ᠋ᠢᠨ ᠪᠣᠭᠳᠠ ᠭᠡᠭᠡᠨ ᠭᠦᠨ ᠢᠯᠡᠷᠬᠡᠢ ᠣᠨᠣᠯ ᠢ᠋ᠶ᠋ᠠᠷ
ᠬᠥᠮᠦᠨ ᠶᠢᠷᠲᠢᠨᠴᠦ ᠶ᠋ᠢᠨ ᠣᠷᠣᠨ᠎ᠠ ᠴᠥᠪ ᠴᠠᠭ ᠤ᠋ᠨ ᠢᠷᠡᠭᠡᠳᠦᠢ ᠶ᠋ᠢ ᠢᠯᠡᠳᠬᠡᠨ ᠭᠠᠷᠭᠠᠵᠤ ᠨᠣᠮᠯᠠᠭᠰᠠᠨ ᠰᠤᠷᠭᠠᠯ
ᠪᠢᠴᠢᠭ ᠳᠥᠷᠪᠡᠨ ᠳᠡᠪᠲᠡᠷ ᠨᠣᠮᠯᠠᠯ ᠡᠭᠦᠨ ᠊ᠢ ᠂ ᠬᠡᠪᠲᠦ ᠶᠣᠰᠣᠲᠤ ᠶ᠋ᠢᠨ ᠭᠤᠷᠪᠠᠳᠤᠭᠠᠷ ᠣᠨ ᠴᠠᠭᠠᠭᠴᠢᠨ ᠭᠠᠬᠠᠢ
ᠵᠢᠯ ᠦ᠋ᠨ ᠬᠠᠪᠤᠷᠤᠨ ᠲᠡᠷᠢᠭᠦᠨ ᠰᠠᠷ᠎ᠠ ᠳ᠋ᠤ᠌ ᠵᠣᠬᠢᠶᠠᠨ ᠭᠠᠷᠭᠠᠭᠠᠳ ᠲᠠᠷᠬᠠᠭᠠᠭᠰᠠᠨ ᠦᠭᠡᠢ ᠲᠦᠷ ᠳᠠᠷᠤᠵᠤ
ᠢᠷᠡᠭᠡᠳᠦᠢ ᠳᠥᠴᠢᠨ ᠵᠢᠯ ᠦ᠋ᠨ ᠦᠶᠡᠰ ᠪᠣᠯᠬᠤ ᠳ᠋ᠤ᠌ ᠭᠠᠷᠭᠠᠪᠠᠰᠤ ᠵᠣᠬᠢᠮᠤᠢ ᠭᠡᠮᠡᠨ ᠠᠶ᠋ᠢᠯᠠᠲᠤᠭᠰᠠᠨ ᠡᠰᠢ
ᠵᠠᠷᠯᠢᠭ ᠰᠤᠳᠤᠷ ᠲᠤᠷ ᠦᠭᠡᠢ ᠪᠣᠯᠪᠠᠴᠤ ᠰᠤᠷᠭᠠᠯ ᠯᠤᠭ᠎ᠠ ᠳᠠᠭᠠᠯᠳᠤᠭᠰᠠᠨ ᠨᠢᠭᠤᠴᠠ ᠵᠠᠷᠯᠢᠭ ᠪᠣᠢ ᠠᠵᠢᠶᠠᠮᠤ
᠃
ᠦᠰᠦᠭ ᠠᠮᠢᠯᠠᠭᠤᠯᠤᠭᠴᠢ ᠄ ᠱᠠᠨᠰᠠᠯ
ᠬᠢᠨᠠᠭᠴᠢ ᠄ ᠣᠤᠠᠬᠠᠨᠰᠣ ᠠ᠋
