ᠡᠷᠳᠡᠮ ᠤᠨ ᠣᠷᠭᠢᠯ ᠳᠦ ᠭᠠᠷᠬᠤ ᠪᠠᠷ ᠶᠠᠪᠤᠨ᠎ᠠ ( ᠪᠠᠭ᠎ᠠ ᠰᠤᠷᠭᠠᠭᠤᠯᠢ ᠶᠢᠨ ᠤᠩᠰᠢᠬᠤ ᠪᠢᠴᠢᠭ ) Эрдмийн оргилд гарахаар явна ( Бага сургуулийн унших бичиг )
ᠡᠷᠳᠡᠮ ᠤᠨ ᠣᠷᠭᠢᠯ ᠳᠦ ᠭᠠᠷᠬᠤ ᠪᠠᠷ ᠶᠠᠪᠤᠨ᠎ᠠ
ᠤᠷᠭᠤᠬᠤ ᠨᠠᠷᠠ (1) ᠶ᠋ᠢ
ᠤᠭᠳᠤᠵᠤ ᠶᠠᠪᠤᠨ᠎ᠠ ᠂
ᠣᠷᠢᠬᠨᠨ ᠰᠠᠯᠬᠢ ᠪᠠᠷ
ᠢᠯᠪᠢᠭᠦᠯᠵᠦ ᠶᠠᠪᠤᠨ᠎ᠠ ᠃
ᠦᠦᠷ ᠦᠨ ᠰᠢᠪᠠᠭᠤᠳ ᠲᠠᠢ
ᠤᠷᠤᠯᠳᠤᠵᠤ ᠶᠠᠪᠤᠨ᠎ᠠ
ᠤᠯᠠᠭᠠᠨ ᠪᠦᠴᠡ ᠪᠡᠨ
ᠤᠯᠠᠯᠵᠠᠭᠤᠯᠵᠤ ᠶᠠᠪᠤᠨ᠎ᠠ ᠃
ᠥᠷᠭᠡᠨ ᠲᠠᠯ᠎ᠠ ᠪᠠᠨ
ᠪᠠᠬᠠᠳᠤᠵᠤ ᠶᠠᠪᠤᠨ᠎ᠠ ᠂
ᠦᠨᠳᠦᠷ ᠬᠠᠩᠭᠠᠢ ᠪᠠᠨ
ᠳᠠᠭᠤᠯᠠᠵᠤ ᠶᠠᠪᠤᠨ᠎ᠠ ᠃
ᠦᠵᠡᠭᠰᠡᠨ ᠨᠣᠮ ᠢᠶ᠋ᠠᠨ
ᠰᠢᠩᠭᠡᠭᠡᠵᠦ ᠶᠠᠪᠤᠨ᠎ᠠ ᠃
ᠡᠷᠳᠡᠮ ᠦᠨ ᠣᠷᠭᠢᠯ ᠳᠤ
ᠭᠠᠷᠬᠤ ᠪᠠᠷ ᠶᠠᠪᠤᠨ᠎ᠠ ᠃
(1) ᠤᠷᠭᠤᠬᠤ ᠨᠠᠷᠠ — ᠮᠠᠨᠲᠤᠬᠤ ᠨᠠᠷᠠ
ᠪᠠᠬ᠋᠎ᠠ ᠰᠤᠷᠭᠠᠭᠤᠯᠢ ᠶ᠋ᠢᠨ ᠬᠣᠶᠠᠲᠤᠭᠠᠷ ᠣᠨ ( ᠳᠡᠭᠡᠳᠦ) ᠪ ᠤᠩᠰᠢᠬᠤ ᠪᠢᠴᠢᠭ᠌ ᠠ᠋ᠴᠠ ᠬᠠᠭᠤᠯᠪᠠ ᠃
ᠦᠰᠦᠭ ᠠᠮᠢᠯᠠᠭᠤᠯᠤᠭᠴᠢ — ᠳ᠋ᠦ᠋ᠩ ᠹᠸᠩ
ᠬᠢᠨᠠᠭᠴᠢ — ᠴᠢᠮᠡᠭ
