ᠪᠠᠶᠠᠨ ᠪᠠᠷᠭᠤ ᠶ᠋ᠢᠨ ᠦᠷᠡᠰ ( ᠣᠷᠱᠤᠨ ᠭᠣᠣᠯ ) - ᠦᠭᠡ ᠄ ᠭ‍ · ᠪᠠᠷᠬ᠎ᠡ ᠂ ᠠᠶ᠎ᠠ ᠄ ᠨᠡᠮᠡᠬᠦ Баян баргын үрс ( Оршин гол ) – Үг ᠄ Г · Бархаа ᠂ Ая ᠄ Нэмэх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠶᠠᠨ ᠪᠠᠷᠭᠤ ᠶ᠋ᠢᠨ ᠦᠷᠡᠰ ( ᠣᠷᠱᠤᠨ ᠭᠣᠣᠯ ) - ᠦᠭᠡ ᠄ ᠭ‍ · ᠪᠠᠷᠬ᠎ᠡ ᠂ ᠠᠶ᠎ᠠ ᠄ ᠨᠡᠮᠡᠬᠦ Баян баргын үрс ( Оршин гол ) – Үг ᠄ Г · Бархаа ᠂ Ая ᠄ Нэмэх

ᠪᠠᠶᠠᠨ ᠪᠠᠷᠭᠤ ᠶ᠋ᠢᠨ ᠦᠷᠡᠰ ( ᠣᠷᠱᠤᠨ ᠭᠣᠣᠯ ) - ᠦᠭᠡ ᠄ ᠭ‍ · ᠪᠠᠷᠬ᠎ᠡ ᠂ ᠠᠶ᠎ᠠ ᠄ ᠨᠡᠮᠡᠬᠦ Баян баргын үрс ( Оршин гол ) – Үг ᠄ Г · Бархаа ᠂ Ая ᠄ Нэмэх

ᠠᠩᠭᠢᠯᠠᠯ:ᠳᠠᠭᠤᠤ ᠬᠥᠭᠵᠢᠮ
2023-04-30

252

ᠪᠠᠶᠠᠨ ᠪᠠᠷᠭᠤ ᠶ᠋ᠢᠨ ᠦᠷᠡᠰ


                    ᠦᠭᠡ ᠄ ᠭᠠ‍ ᠂ ᠪᠠᠷᠬ᠎ᠠ 
                     ᠠᠶ᠎ᠠ ᠄ ᠨᠡᠮᠡᠬᠦ 

 ᠡᠵᠢ ᠶ᠋ᠢᠨ ᠬᠦᠲᠥᠯᠦᠭᠰᠡᠨ ᠲᠡᠷᠭᠡᠨ  ᠳ᠋ᠤ᠌
 ᠪᠦᠪᠡᠢᠯᠡᠭᠳᠡᠨ ᠪᠠᠶ᠋ᠢᠵᠤ  ᠥᠰᠦᠭᠰᠡᠨ
 ᠡᠪᠦᠭᠡ ᠶ᠋ᠢᠨ ᠶ᠋ᠢᠡᠨ ᠤᠨᠤᠭᠰᠠᠨ ᠮᠣᠷᠢᠨ  ᠳ᠋ᠤ᠌
 ᠰᠤᠨᠲᠠᠯᠲᠤᠨ ᠪᠠᠶ᠋ᠢᠵᠤ ᠲᠣᠷᠨᠢᠬᠰᠠᠨ ᠶᠤᠮ ᠃ 

 ᠲᠣᠷᠭᠠᠨ ᠬᠥᠷᠥᠰᠥᠲᠦ ᠲᠠᠯ᠎ᠠ ᠰᠢᠭ᠋
 ᠬᠠᠨᠠᠭᠠᠷ ᠥᠷᠭᠡᠨ ᠴᠡᠭᠡᠵᠢ ᠲᠡᠢ
 ᠲᠣᠯᠢᠨ ᠪᠣᠯᠣᠷ ᠣᠷᠱᠤᠨ ᠰᠢᠭ᠋
 ᠬᠬᠢᠷ ᠦᠭᠡᠢ ᠴᠠᠭᠠᠨ ᠰᠡᠤᠠᠬᠢᠯ ᠲᠡᠢ ᠃ 

 ᠪᠣᠭᠲᠠ ᠠᠭᠤᠯᠠ ᠶ᠋ᠢᠨ ᠪᠠᠷ᠎ᠠ ᠰᠢᠭ᠋
 ᠰᠢᠯᠵᠢᠰᠢ ᠦᠭᠡᠢ ᠰᠥᠰᠥ ᠲᠡᠢ
 ᠪᠤᠶ᠋ᠢᠷ ᠬᠥᠯᠥᠨ ᠪ ᠳᠠᠪᠠᠯᠭᠠᠨ ᠰᠢᠭ᠋
 ᠰᠢᠷᠭᠢᠰᠢ ᠦᠭᠡᠢ ᠵᠣᠷᠢᠬ ᠲᠠᠢ ᠃ 

 ᠳᠠᠷᠬᠠᠨ ᠥᠯᠥᠭᠡᠢ ᠨᠤᠲᠤᠭ ᠲᠠᠭᠠᠨ
 ᠡᠵᠡᠨ ᠰᠠᠭᠤᠬᠤ ᠬᠤᠪᠢ ᠲᠠᠢ
 ᠪᠠᠭᠠᠲᠤᠷ ᠤᠲᠤᠮᠰᠢᠯᠲᠤ ᠮᠣᠩᠭᠣᠯᠴᠤᠳ
 ᠪᠠᠶᠠᠨ ᠪᠠᠷᠭᠤ ᠶ᠋ᠢᠨ ᠦᠷᠡᠰ ᠡ !  

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠪᠠᠶᠠᠷᠴᠡᠴᠡᠭ
     ᠦᠰᠦᠭ ᠬᠢᠨᠠᠭᠴᠢ ᠄  ᠪᠠᠶᠠᠷᠴᠡᠴᠡᠭ
                  2023 ᠣᠨ ᠪ 4 ᠰᠠᠷ᠎ᠠ ᠶ᠋ᠢᠨ 29  ᠤ ᠡᠲᠦᠷ