ᠮᠣᠷᠢ ᠮᠢᠨᠢ ( ᠣᠷᠱᠤᠨ ᠭᠣᠣᠯ ) - ᠦᠭᠡ ᠄ ᠸᠴᠢᠷᠲᠤᠷᠵᠢ ᠂ ᠠᠶ᠎ᠠ ᠄ ᠨᠡᠮᠡᠬᠦ Морь минь ( Оршин гол ) – Үг ᠄ Очирдорж ᠂ Ая ᠄ Нэмэх
ᠮᠣᠷᠢ ᠮᠢᠨᠢ
ᠦᠭᠡ ᠄ ᠸᠴᠢᠷᠲᠤᠷᠵᠢ
ᠠᠶ᠎ᠠ ᠄ ᠨᠡᠮᠡᠬᠦ
ᠬᠤᠷᠲᠤᠨ ᠳᠥᠷᠪᠡᠨ ᠲᠤᠭᠤᠷᠠᠢ ᠨᠢ
ᠬᠣᠷᠸ᠋᠎ᠠ ᠶ᠋ᠢ ᠡᠪᠬᠡᠬᠦ ᠴᠢᠲᠠᠯ ᠲᠠᠢ
ᠬᠤᠷ ᠰᠠᠶ᠋ᠢᠬᠠᠨ ᠲᠡᠯ ᠨᠢ
ᠬᠤᠶ᠋ᠢᠯᠠᠷᠠᠬᠤ ᠭᠠᠯ ᠦ᠋ᠨ ᠳᠡᠮᠪᠡᠷᠢ ᠲᠡᠢ
ᠰᠡᠮᠪᠡᠯᠵᠡᠭᠰᠡᠨ ᠬᠠᠷ᠎ᠠ ᠠᠯᠬᠤᠬ᠋ᠠ ᠪᠠᠷ
ᠰᠠᠨᠰᠠᠷ ᠦ᠋ᠨ ᠰᠠᠯᠬᠢᠨ ᠊ᠢ ᠤᠷᠬᠢᠬᠰᠠᠨ ᠂
ᠰᠢᠷᠦᠭᠦᠨ ᠬᠤᠷᠲᠤᠨ ᠬᠥᠶᠥᠲᠡᠯ ᠶ᠋ᠢᠡᠷ
ᠰᠠᠭᠠᠳ ᠬᠠᠷᠰᠢ ᠶ᠋ᠢ ᠳᠠᠪᠠᠭᠰᠠᠨ ᠃
ᠡᠬᠡ ᠣᠷᠣᠨ ᠶ᠋ᠢᠠᠨ ᠴᠣᠭᠴᠠᠯᠠᠬᠤ ᠳ᠋ᠤ᠌
ᠡᠵᠡᠨ ᠲᠡᠢ ᠪᠡᠨ ᠬᠠᠮᠲᠤ ᠵᠢᠳᠬᠦᠭᠰᠡᠨ ᠂
ᠡᠩᠬᠦᠷᠡᠢ ᠬᠠᠶ᠋ᠢᠷᠠᠲᠤ ᠮᠣᠷᠢ ᠮᠢᠨᠢ
ᠡᠷᠲᠡᠨᠢ ᠶ᠋ᠢᠨ ᠰᠠᠶ᠋ᠢᠬᠠᠨ ᠬᠥᠯᠥᠭ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 29 ᠤ ᠡᠲᠦᠷ
