ᠡᠬᠡ ᠭᠠᠵᠠᠷ ᠤᠨ ᠤᠷᠠᠢ - ᠲ ᠂ ᠭᠣᠮᠪᠣᠵᠠᠪ Эх газрын урай - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠭᠠᠵᠠᠷ ᠤᠨ ᠤᠷᠠᠢ - ᠲ ᠂ ᠭᠣᠮᠪᠣᠵᠠᠪ Эх газрын урай - Т ᠂ Гомбожав

ᠡᠬᠡ ᠭᠠᠵᠠᠷ ᠤᠨ ᠤᠷᠠᠢ - ᠲ ᠂ ᠭᠣᠮᠪᠣᠵᠠᠪ Эх газрын урай - Т ᠂ Гомбожав

2023-04-30

268

ᠡᠬᠡ ᠭᠠᠵᠠᠷ ᠤᠨ ᠤᠷᠠᠢ


            ᠲ ᠂ ᠭᠣᠮᠪᠣᠵᠠᠪ  

 ᠡᠯᠡᠰᠦ ᠰᠢᠭᠤᠷᠴᠤ ᠂
 ᠡᠵᠡᠭᠦᠢ ᠶ᠋ᠢᠨ ᠰᠠᠯᠬᠢ ᠲᠦᠮᠡᠨ ᠬᠡᠯᠡ ᠪᠡᠷ
 ᠡᠲᠦᠷᠵᠢᠨ ᠰᠥᠨᠢᠵᠢᠨ 
 ᠡᠲᠦᠷ ᠡᠬᠡ ᠭᠠᠵᠠᠷ ᠦ᠋ᠨ ᠮᠢᠨᠢ ᠤᠷᠠᠢ ᠳᠠᠭᠤᠨ ᠊ᠢ ᠤᠩᠰᠢᠨ᠎ᠠ 

 ᠡᠨᠡ ᠤᠷᠠᠢ 
 ᠡᠬᠡ ᠭᠠᠵᠠᠷ ᠦ᠋ᠨ ᠮᠢᠨᠢ ᠵᠢᠷᠦᠬᠡᠨ ᠴᠣᠬᠢᠯᠬ᠋᠎ᠠ
 ᠡᠩ ᠦᠭᠡᠢ ᠂ ᠡᠷᠡᠭᠦᠯ ᠨᠣᠭᠣᠭᠠᠨ ᠣᠢ ᠰᠢᠭᠤᠢ ᠶ᠋ᠢᠨ ᠶ᠋ᠢᠡᠨ 
 ᠡᠨᠲᠡᠯ  ᠳ᠋ᠤ᠌ ᠰᠢᠷᠬᠠᠯᠠᠭᠰᠠᠨ ᠶᠣᠣᠯᠠᠯ᠎ ᠪᠢᠯᠡ
 ᠡᠯᠪᠡᠭ  ᠪᠠᠶᠠᠨ
 ᠡᠰᠡᠷᠸ᠋᠎ᠠ ᠪᠠᠭᠠᠨᠠᠲᠠᠬᠤ ᠥᠪ ᠬᠥᠷᠥᠩᠭᠡ ᠶ᠋ᠢᠨ ᠶ᠋ᠢᠡᠨ 
 ᠦᠭᠡᠶ᠋ᠢᠷᠡᠯ  ᠳ᠋ᠤ᠌ ᠭᠠᠰᠠᠯᠤᠭᠰᠠᠨ ᠡᠮᠵᠡᠭᠯᠡᠯ ᠪᠢᠯᠡ ᠁

 ᠬᠣᠷᠸ᠋᠎ᠠ ᠶ᠋ᠢᠨ ᠬᠣᠯᠠᠴᠢ ᠪᠤᠰᠤ ᠪᠣᠲᠣᠯ 
 ᠬᠣᠭᠰᠢᠯ ᠪᠠᠶᠠᠨ ᠡᠬᠡ ᠳᠡᠯᠡᠬᠡᠢ ᠪᠡᠨ ᠬᠣᠭᠣᠰᠣᠷᠠᠲᠠᠯ᠎ᠠ ᠢᠳᠡᠵᠦ
 ᠬᠣᠨᠣᠭ ᠦ᠋ᠨ ᠵᠡᠭᠦᠲᠦ ᠴᠢᠤᠠᠬᠤᠯᠠᠩᠬᠠᠨ ᠠᠷᠭᠠᠲᠠᠬᠤ
 ᠬᠣᠣᠰ ᠦᠭᠡᠢ ᠰᠠᠶ᠋ᠢᠬᠠᠨ ᠣᠢ ᠲᠠᠶ᠋ᠢᠬ᠋᠎ᠠ ᠪᠠᠨ ᠰᠢᠩᠭᠡᠷᠡᠲᠡᠯ᠎ᠡ ᠴᠠᠪᠴᠢᠵᠠᠢ ᠁ 

 ᠤᠨᠠᠭᠠᠭᠲᠠᠭᠰᠠᠨ ᠮᠣᠲᠣᠳ 
 ᠤᠭ ᠶ᠋ᠢᠠᠷ ᠶ᠋ᠢᠠᠨ ᠪᠤᠯᠭᠠᠷᠠᠬᠤ ᠵᠠᠯᠠᠭᠤ ᠰᠢᠲᠦ ᠰᠢᠬ 
 ᠠᠭᠤᠯᠠ ᠬᠥᠲᠡᠭᠡ ᠶ᠋ᠢᠨ ᠮᠢᠨᠢ ᠪᠣᠶ᠋ᠢᠯᠠ ᠶ᠋ᠢᠨ ᠳᠡᠭᠡᠷ᠎ᠡ ᠡᠴᠡ ᠤᠨᠠᠵᠤ 
 ᠤᠯᠠᠩᠭᠠᠰᠴᠤ ᠢᠷᠡᠬᠦ ᠨᠢᠴᠦᠭᠦᠷᠡᠯ᠎ ᠬᠠᠯᠴᠠᠭᠠᠢᠷᠠᠯ 
 ᠦᠶᠡᠷ ᠰᠢᠭ᠌ ᠲᠡᠷᠡ ᠤᠩᠭᠤᠷᠬᠠᠢ ᠪᠠᠷ ᠴᠢᠤᠠᠬᠤᠯᠠᠨ᠎ᠠ ᠪᠢᠯᠡ 

 ᠨᠠᠪᠴᠢ ᠶ᠋ᠢᠨ ᠰᠢᠭᠦᠷ ᠠᠯᠠᠬ᠋᠎ᠠ ᠪᠣᠯᠵᠤ ᠂ ᠨᠠᠷᠠ 
 ᠭᠠᠵᠠᠷ ᠦ᠋ᠨ ᠬᠠᠴᠠᠷ ᠊ᠢ ᠬᠠᠷᠠᠯᠠᠲᠠᠯ᠎ᠠ ᠰᠢᠷᠠᠨ᠎ᠠ 
 ᠨᠠᠮᠠᠭᠠᠨ ᠵᠣᠭᠰᠣᠴᠠ ᠭᠠᠵᠠᠷ ᠤᠨᠠᠵᠤ 
 ᠨᠠᠤᠠᠬᠤᠨ ᠣᠤᠠᠬᠤ ᠰᠢᠪᠠᠭᠤᠳ ᠦ᠋ᠨ ᠳᠠᠭᠤᠨ ᠡᠯᠦᠢᠷᠡᠯ ᠣᠷᠬᠢᠵᠤ ᠬᠣᠯᠠᠲᠠᠨ᠎ᠠ 
 ᠨᠠᠰᠤ ᠪᠠᠷ ᠶ᠋ᠢᠠᠨ ᠠᠩ  ᠬᠢᠭᠰᠡᠨ ᠬᠥᠮᠦᠰ 
 ᠤᠶ᠋ᠢᠤᠠᠬᠠᠷ ᠶ᠋ᠢᠠᠨ ᠠᠷᠭᠠᠳᠠᠬᠤ ᠦᠭᠡ ᠣᠯᠬᠤ ᠦᠭᠡᠢ 
 ᠠᠭᠤᠯᠠ ᠪᠠᠨ ᠬᠠᠷᠠᠨ ᠬᠠᠩᠭᠢᠨᠠᠲᠠᠯ᠎ᠠ ᠰᠢᠭᠦᠷᠡᠰᠦᠯᠡᠨ᠎ᠠ ᠡ ᠁ 

 ᠡᠬᠡ ᠭᠠᠵᠠᠷ ᠮᠢᠨᠢ᠂ ᠲᠡᠭᠡᠬᠦ  ᠳ᠋ᠤ᠌ 
 ᠡᠨᠡ ᠶᠡᠬᠡ ᠰᠠᠶ᠋ᠢᠬᠠᠨ ᠡᠮᠵᠡᠭᠯᠡᠯ ᠶ᠋ᠢᠡᠷ 
 ᠡᠳᠦᠷᠵᠢᠨ  ᠰᠦᠨᠢᠵᠢᠨ  ᠶᠤᠤᠯᠠᠵᠤ 
 ᠡᠯᠡᠰᠦ ᠬᠥᠲᠥᠯᠬᠦ ᠂ ᠡᠵᠡᠭᠦᠢ ᠶ᠋ᠢᠨ ᠰᠠᠯᠬᠢᠨ ᠪ ᠲᠦᠮᠡᠨ ᠬᠡᠯᠡ ᠪᠡᠷ 
 ᠡᠷᠡᠮᠡᠯᠵᠡᠯ ᠵᠠᠷᠯᠠᠯ ᠶ᠋ᠢᠠᠨ ᠲᠤᠩᠬᠠᠭᠯᠠᠵᠤ ᠪᠠᠶ᠋ᠢᠨ᠎ᠠ ᠡ ᠄ 

 — ᠬᠥᠮᠦᠰ ᠡ 
 ᠬᠥᠯ ᠲᠠᠯᠪᠢᠬᠤ ᠭᠠᠵᠠᠷ ᠶ᠋ᠢᠠᠨ ᠪᠣᠲᠣᠬᠤ ᠶᠤᠮ ᠰᠢᠦ ᠂ ᠲᠠ 
 ᠬᠥᠢᠰᠥ ᠲᠡᠮᠲᠡᠷᠢᠬᠦ ᠲᠡᠷᠡ 
 ᠬᠢᠷᠦᠭᠡ ᠰᠦᠬᠡ ᠣᠭᠣᠯᠢ ᠪᠠᠨ ᠣᠷᠬᠢᠨ 
 ᠬᠥᠬᠡᠷᠡᠬᠦ ᠰᠠᠶ᠋ᠢᠬᠠᠨ ᠣᠢ ᠮᠣᠲᠣ ᠪᠠᠨ 
 ᠬᠦᠰᠡᠯ ᠦ᠋ᠨ ᠰᠠᠶ᠋ᠢᠬᠠᠨ ᠵᠡᠭᠦᠲᠦ ᠲᠡᠢ ᠪᠡᠨ ᠬᠠᠮᠲᠤ 
 ᠬᠥᠷᠥᠰᠥᠨ  ᠳ᠋ᠤ᠌ ᠮᠢᠨᠢ ᠰᠠᠭᠤᠯᠭᠠᠭᠠᠷᠠᠢ 
 ᠬᠥᠷᠥᠰᠥᠨ  ᠳ᠋ᠤ᠌ ᠮᠢᠨᠢ ᠳᠠᠭᠠᠳᠬᠠᠭᠠᠷᠠᠢ ᠡ ᠁ 

 ᠦᠭᠡᠢ ᠪᠣᠯ 
 ᠦᠨᠡᠰᠦᠨ ᠴᠠᠶ᠋ᠢᠪᠤᠷ ᠵᠠᠶᠠᠬ᠋᠎ᠠ ᠴᠢᠮᠠᠶ᠋ᠢ ᠤᠭᠲᠤᠬᠤ ᠪᠣᠯᠤᠨ᠎ᠠ ᠡ !

   ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

        ᠲᠩᠷᠢ ᠡᠵᠢ ᠠᠮᠢᠯᠠᠭᠤᠯᠤᠨ ᠬᠠᠭᠤᠯᠪᠠ
            ᠬᠢᠨᠠᠭ᠍ᠴᠢ :    ᠳᠠᠪᠰᠢᠯᠲᠦ 
              2023᠂ 4᠂ 29  ᠪ ᠡᠲᠦᠷ