ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-03 ишданзанваанжлийн ирээдүйд нийтлэх шүлэг-Хоёрдугаар бөлөг ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-03 ишданзанваанжлийн ирээдүйд нийтлэх шүлэг-Хоёрдугаар бөлөг

ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-03 ишданзанваанжлийн ирээдүйд нийтлэх шүлэг-Хоёрдугаар бөлөг

2023-04-29

238

ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-03

 ᠭᠤᠷᠪᠠ 

ᠬᠥᠪᠴᠢᠨ ᠪᠡᠶ᠎ᠡ ᠶ᠋ᠢᠨ ᠡᠭᠦᠰᠦᠯ ᠊ᠢ ᠶᠠᠭᠤᠨ ᠠ᠋ᠴᠠ ᠣᠯᠤᠭᠰᠠᠨ ᠂
ᠬᠥᠮᠦᠵᠢᠯ ᠦ᠋ᠨ ᠪᠦᠷᠢᠳᠬᠡᠯ ᠊ᠢ ᠶᠠᠮᠪᠠᠷ ᠬᠥᠮᠦᠨ ᠱᠠᠩᠨᠠᠭᠰᠠᠨ ᠂
ᠬᠦᠨᠳᠦᠯᠡᠬᠦ ᠠᠴᠢᠯᠠᠬᠤ ᠶᠣᠰᠣ ᠤᠴᠢᠷ ᠠᠯᠢᠨ ᠊ᠢ ᠂
ᠬᠦᠯᠢᠴᠡᠵᠦ ᠲᠠᠬᠢᠮᠳᠠᠵᠤ ᠭᠦᠢᠴᠡᠳᠬᠡᠪᠡᠰᠦ ᠵᠣᠬᠢᠰᠲᠠᠢ ᠃

ᠬᠢᠴᠢᠶᠡᠵᠦ ᠠᠷᠪᠠᠨ ᠰᠠᠷ᠎ᠠ ᠬᠡᠪᠡᠯᠢᠨ ᠳ᠋ᠦ᠍ᠷ ᠡᠭᠦᠷᠴᠦ ᠂
ᠬᠡᠯᠬᠢᠶ᠎ᠡ ᠶᠠᠰᠤ ᠴᠤᠴᠠᠷᠠᠬᠤ ᠵᠣᠪᠠᠯᠠᠩ ᠢ᠋ᠶ᠋ᠠᠷ ᠮᠠᠨᠳᠤᠯᠠᠨ ᠂
ᠬᠬᠢᠷ ᠦᠭᠡᠢ ᠰᠦᠨ ᠢ᠋ᠶ᠋ᠡᠨ ᠬᠥᠬᠥᠭᠦᠯᠵᠦ ᠬᠠᠶ᠋ᠢᠷᠠᠯᠠᠬᠴᠢ ᠂
ᠬᠡᠵᠢᠶᠡᠳᠡ ᠡᠨᠡᠷᠢᠭᠴᠢ ᠡᠵᠢ ᠶ᠋ᠢᠨ ᠠᠴᠢ ᠪᠤᠰᠤ ‍ᠤᠤ ?

ᠬᠥᠭᠡᠷᠦᠬᠦᠶ᠋ᠢᠯᠡᠨ ᠮᠥᠷᠥᠭᠡᠳᠴᠦ ᠦᠷ᠎ᠡ ᠭᠡᠮᠡᠨ ᠵᠢᠳᠬᠦᠵᠦ ᠂
ᠬᠦᠴᠦᠨ ᠠᠷᠭ᠎ᠠ ᠳᠠᠭᠤᠰᠬᠠᠵᠤ ᠠᠰᠠᠷᠠᠯ ᠊ᠢ ᠪᠦᠷᠢᠳᠬᠡᠨ ᠂
ᠬᠦᠨᠳᠦ ᠵᠢᠷᠤᠮ ᠡᠭᠦᠰᠬᠡᠵᠦ ᠴᠢᠳᠠᠯ ᠥᠪ ᠊ᠢ ᠣᠯᠭᠣᠵᠤ ᠂
ᠬᠥᠮᠦᠨ ᠵᠡᠷᠭᠡ ᠳ᠋ᠦ᠍ ᠬᠦᠷᠦᠭᠦᠯᠦᠭᠰᠡᠨ ᠠᠪᠤ ᠶ᠋ᠢᠨ ᠠᠴᠢ ᠪᠤᠰᠤ ‍ᠤᠤ ?

ᠠᠪᠤ ᠡᠵᠢ ᠲᠥᠷᠥᠭᠦᠯᠦᠨ ᠦᠰᠬᠡᠭᠰᠡᠨ ᠦ᠌ ᠠᠴᠢ ᠶ᠋ᠢ ᠂
ᠠᠳᠠᠯᠢᠳᠬᠠᠨ ᠰᠠᠨᠠᠪᠠᠰᠤ ᠲᠡᠭᠷᠢ ᠳ᠋ᠦ᠍ᠷ ᠠᠳᠠᠯᠢ ᠂
ᠠᠭᠤᠤ ᠶᠡᠬᠡ ᠲᠤᠰᠠᠯᠠᠩ ᠤ᠋ᠨ ᠲᠦᠮᠡᠨ ᠬᠤᠪᠢ ᠠᠴᠢ ᠶ᠋ᠢ ᠂
ᠠᠴᠢᠯᠠᠵᠤ ᠬᠠᠷᠢᠭᠤᠯᠬᠤ ᠮᠠᠰᠢ ᠪᠡᠷᠬᠡ ᠪᠥᠯᠥᠭᠡ ᠃

ᠡᠩᠬᠡ ᠴᠠᠭ ᠲᠤᠷ ᠡᠯᠳᠡᠪ ᠢ᠋ᠶ᠋ᠡᠷ ᠪᠠᠶᠠᠰᠬᠠᠵᠤ ᠬᠦᠨᠳᠦᠯᠡᠨ ᠂
ᠡᠮᠦᠰᠬᠦ ᠪᠠ ᠢᠳᠡᠬᠦ ᠶ᠋ᠢ ᠲᠠᠭᠠᠯᠠᠯ ᠢ᠋ᠶ᠋ᠠᠷ ᠪᠣᠯᠭᠠᠭᠲᠤᠨ ᠂
ᠡᠪᠡᠳᠪᠡᠰᠦ ᠳᠠᠷᠤᠢ ᠲᠦᠷᠭᠡᠨ ᠡᠮ ᠭᠦᠷᠢᠮ ᠰᠢᠲᠦᠵᠦ ᠂
ᠡᠳᠡᠭᠡᠷᠡᠵᠦ ᠠᠮᠤᠷᠯᠢᠩᠭᠤᠢ ᠶ᠋ᠢ ᠡᠷᠡᠮᠵᠢᠯᠡᠬᠦ ᠬᠡᠷᠡᠭᠲᠡᠢ ᠃

ᠥᠲᠡᠯᠪᠡᠰᠦ ᠲᠥᠯᠥᠭᠡᠯᠡᠨ ᠵᠦᠳᠡᠭᠦᠷᠢ ᠳᠠᠭᠠᠵᠤ ᠂
ᠦᠷᠭᠦᠯᠵᠢᠳᠡ ᠰᠠᠯᠤᠯ ᠦᠭᠡᠢ ᠰᠤᠪᠢᠯᠠᠬᠤ ᠬᠡᠷᠡᠭᠲᠡᠢ ᠂
ᠦᠩᠭᠡᠷᠡᠭᠰᠡᠨ ᠳᠠᠷᠠᠭ᠎ᠠ ᠪᠠᠷ ᠪᠤᠶᠠᠨ ᠨᠣᠮ ᠊ᠢ ᠦᠢᠯᠡᠳᠴᠦ ᠂
ᠥᠷᠥᠰᠢᠶᠡᠯᠲᠦ ᠬᠥᠪᠡᠭᠦᠨ ᠦ᠌ ᠶᠣᠰᠣᠯᠠᠯ ᠊ᠢ ᠭᠦᠢᠴᠡᠳᠭᠡ ᠃

ᠤᠭᠰᠠᠭ᠎ᠠ ᠶ᠋ᠢᠨ ᠳᠠᠩᠰᠠ ᠬᠢᠭᠡᠳ ᠳᠠᠶ᠋ᠢᠯᠭ᠎ᠠ ᠶ᠋ᠢᠨ ᠰᠦᠮ᠎ᠡ ᠪᠠᠶ᠋ᠢᠭᠤᠯᠵᠤ ᠂
ᠤᠷᠢᠳᠤᠬᠢ ᠶ᠋ᠢ ᠨᠠᠮᠠᠨᠴᠢᠯᠠᠨ ᠬᠤᠶ᠋ᠢᠴᠢ ᠶ᠋ᠢᠨ ᠦᠨᠳᠦᠰᠦ ᠵᠠᠯᠭᠠᠮᠤᠢ ᠂
ᠤᠷᠤᠰᠬᠠᠯ ᠪᠠ ᠤᠷᠭᠤᠮᠠᠯ ᠤ᠋ᠨ ᠰᠠᠯᠠᠭ᠎ᠠ ᠰᠠᠯᠪᠤᠷᠢ ᠂
ᠦᠵᠡᠯ ᠰᠣᠨᠣᠷ ᠬᠤᠶ᠋ᠢᠲᠤᠬᠢ ᠶ᠋ᠢ ᠬᠤᠷᠢᠶᠠᠮᠤᠢ ᠬᠡᠮᠡᠮᠦᠢ ᠃

ᠨᠠᠭᠠᠴᠤ ᠪᠠ ᠠᠪᠠᠭ᠎ᠠ ᠨᠠᠷ ᠠᠴᠢ ᠤᠷᠤᠭ ᠲᠥᠷᠥᠯ ᠦ᠋ᠳ ᠂
ᠨᠠᠪᠴᠢ ᠮᠥᠴᠢᠷ ᠬᠣᠯᠠ ᠣᠶ᠋ᠢᠷ᠎ᠠ ᠶ᠋ᠢᠨ ᠰᠡᠶ᠋ᠢᠷᠡᠭ᠋ ᠨᠢᠭᠲᠠ ᠲᠥᠯᠥᠪ ᠊ᠢ ᠂
ᠨᠠᠰᠤ ᠦᠶ᠎ᠡ ᠶ᠋ᠢᠨ ᠰᠠᠳᠤᠨ ᠠᠶ᠋ᠢᠮᠠᠭ ᠨᠢᠭᠡᠨ ᠬᠠᠮᠲᠤ ᠨᠡᠶ᠋ᠢᠯᠡᠯ ᠊ᠢ ᠂
ᠨᠠᠶ᠋ᠢᠷᠲᠠᠢ ᠰᠠᠢᠬᠠᠨ ᠠᠮᠢᠰᠬᠤᠯ ᠳ᠋ᠤᠷ ᠢᠨᠠᠭᠯᠠᠬᠤ ᠬᠡᠷᠡᠭᠲᠡᠢ᠃

ᠬᠥᠮᠦᠵᠢᠭᠦᠯᠦᠨ ᠪᠦᠲᠦᠭᠡᠭᠴᠢ ᠭᠡᠷᠦᠨ ᠰᠤᠷᠭᠠᠯ ᠨᠡᠭᠡᠭᠡᠵᠦ ᠂
ᠬᠥᠪᠡᠭᠦᠨ ᠪᠠ ᠳᠡᠭᠦᠦᠨᠠᠷ ᠊ᠢ ᠬᠥᠭᠵᠢᠭᠦᠯᠦᠨ ᠰᠤᠷᠭᠠᠯᠲᠠᠢ   ᠂
ᠬᠥᠳᠡᠭᠡ ᠳ᠋ᠦ᠍ᠷ ᠵᠢᠷᠤᠮ ᠪᠠᠲᠤ ᠲᠠᠷᠢᠶᠠᠨ ᠊ᠢ ᠦᠢᠯᠡᠳᠴᠦ ᠂
ᠬᠦᠴᠦᠨ ᠦᠯᠦ ᠴᠢᠳᠠᠭᠴᠢᠳ ᠊ᠢ ᠲᠤᠰᠠᠯᠠᠬᠤ ᠬᠡᠷᠡᠭᠲᠡᠢ ᠃

ᠡᠷᠲᠡ ᠴᠠᠭ ᠤ᠋ᠨ ᠢᠷᠦᠭᠡᠯ ᠢ᠋ᠶ᠋ᠡᠷ ᠨᠢᠭᠡᠨ ᠭᠡᠷ ᠲᠦ᠍ᠷ ᠡᠭᠦᠤᠠᠲᠤᠨ ᠂
ᠡᠨᠡ ᠨᠢᠭᠡᠨ ᠶᠢᠷᠲᠢᠨᠴᠦ ᠳ᠋ᠦ᠍ᠷ ᠠᠬ᠎ᠠ ᠳᠡᠭᠦᠦ ᠪᠣᠯᠵᠤᠬᠤᠢ ᠂
ᠡᠪᠦᠭᠡᠳ ᠦ᠋ᠨ ᠬᠥᠷᠥᠩᠭᠡ ᠪᠡᠨ ᠬᠠᠪᠰᠤᠷᠤᠯᠴᠠᠨ ᠰᠠᠬᠢᠵᠤ ᠂
ᠡᠭᠦᠳᠡᠨ ᠪᠠ ᠡᠷᠦᠬᠡ ᠪᠡᠨ ᠭᠡᠶ᠋ᠢᠭᠦᠯᠪᠡᠰᠦ ᠵᠣᠬᠢᠰᠲᠠᠢ ᠃

ᠠᠬ᠎ᠠ ᠳᠡᠭᠦᠦ ᠬᠣᠭᠣᠷᠣᠨᠳᠣ ᠪᠠᠨ ᠡᠶ᠎ᠡ ᠨᠠᠶ᠋ᠢᠷ ᠲᠠᠢ ᠪᠣᠯᠪᠠᠰᠤ ᠂
ᠠᠯᠢᠪᠠ ᠬᠡᠷᠡᠭ ᠦᠢᠯᠡᠰ ᠠᠶᠠᠨᠳᠠᠭᠠᠨ ᠪᠦᠲᠦᠮᠦᠢ ᠂
ᠠᠲᠠᠭᠠᠷᠬᠠᠨ ᠲᠡᠮᠡᠴᠡᠵᠦ ᠡᠪᠳᠡᠷᠡᠬᠦ ᠬᠣᠷᠣᠰᠬᠤ ᠪᠣᠯᠪᠠᠰᠤ ᠂
ᠠᠩᠭᠢᠵᠢᠷᠠᠨ ᠰᠠᠯᠤᠯᠴᠠᠬᠤ ᠶ᠋ᠢᠨ ᠰᠢᠯᠲᠠᠭᠠᠨ ᠳ᠋ᠤ᠌ ᠬᠥᠷᠥᠮᠦᠢ ᠃

ᠠᠪᠤ ᠡᠵᠢ ᠶ᠋ᠢᠨ ᠦᠯᠡᠳᠡᠭᠡᠭᠰᠡᠨ ᠪᠦᠷᠢᠨ ᠬᠠᠮᠲᠤ ᠬᠡᠰᠢᠭ ᠊ᠢ ᠂
ᠠᠩᠭᠢ ᠪᠦᠯᠦᠭ ᠰᠠᠷᠨᠢᠭᠤᠯᠤᠨ ᠬᠤᠪᠢᠶᠠᠬᠤ ᠪᠣᠯᠪᠠᠰᠤ ᠂
ᠠᠶ᠋ᠢᠯ ᠤ᠋ᠨ ᠲᠣᠭ᠎ᠠ ᠣᠯᠠᠰᠢᠷᠠᠨ ᠠᠯᠪᠠ ᠥᠷᠢ ᠳᠠᠪᠬᠤᠴᠠᠨ ᠂
ᠠᠷᠭ᠎ᠠ ᠬᠦᠴᠦᠨ ᠮᠤᠬᠤᠷᠳᠠᠵᠤ ᠠᠶ᠋ᠢᠯ ᠤ᠋ᠨ ᠪᠣᠭᠣᠯ ᠪᠣᠯᠤᠮᠤᠢ ᠃

ᠡᠷᠲᠡ ᠡᠴᠡ ᠠᠬ᠎ᠠ ᠳᠡᠭᠦᠦ ᠪᠤᠰᠠᠨᠢᠬᠤ ᠳᠣᠲᠣᠷ᠎ᠠ ᠂
ᠡᠷᠬᠡ ᠦᠭᠡᠢ ᠡᠮ᠎ᠡ ᠬᠥᠮᠦᠨ ᠵᠠᠪᠰᠠᠷᠯᠠᠭᠴᠢ ᠣᠯᠠᠨ ᠪᠣᠢ ᠂
ᠡᠷ᠎ᠡ ᠡᠮ᠎ᠡ ᠢᠨᠠᠭ ᠨᠠᠶ᠋ᠢᠷᠲᠠᠢ ᠬᠠᠯᠠᠭᠤᠮᠰᠤᠭ ᠪᠣᠯᠪᠠᠴᠤ᠂
ᠡᠷᠬᠡᠯᠡᠬᠦ ᠦᠭᠡᠨ ᠳᠣᠲᠣᠷ᠎ᠠ ᠬᠣᠣᠷ ᠪᠠᠶ᠋ᠢᠬᠤ ᠶ᠋ᠢ ᠪᠣᠯᠭᠣᠭᠠᠭᠲᠤᠨ ᠃

ᠠᠪᠤᠭᠰᠠᠨ ᠡᠮ᠎ᠡ ᠮᠠᠭᠤ ᠪᠣᠯᠪᠠᠯ ᠪᠠᠰᠠ ᠠᠪᠴᠤ ᠪᠣᠯᠤᠮᠤᠢ ᠂
ᠠᠳᠠᠯᠢᠳᠬᠠᠨ ᠪᠣᠳᠣᠬᠤᠯ᠎ᠠ ᠬᠤᠪᠴᠠᠰᠤᠨ ᠳ᠋ᠤᠷ ᠠᠳᠠᠯᠢ ᠂
ᠠᠬ᠎ᠠ ᠳᠡᠭᠦᠦ ᠮᠠᠭᠤ ᠭᠡᠮᠡᠨ ᠳᠠᠬᠢᠨ ᠦᠯᠦ ᠣᠯᠳᠠᠮᠤᠢ ᠂
ᠠᠩᠬᠠᠷᠤᠯᠳᠤᠨ ᠬᠢᠨᠠᠬᠤᠯ᠎ᠠ ᠨᠢᠭᠡᠨ ᠪᠡᠶ᠎ᠡ ᠮᠡᠲᠦ ᠯᠡ ᠃

ᠥᠰᠬᠦᠢ ᠡᠴᠡ ᠥᠲᠡᠯᠲᠡᠯ᠎ᠡ ᠭᠠᠷ ᠬᠥᠯ ᠊ᠢ ᠵᠠᠯᠭᠠᠵᠤ ᠂
ᠦᠷᠭᠦᠯᠵᠢᠳᠡ ᠵᠢᠷᠭᠠᠯ ᠵᠣᠪᠠᠯ ᠊ᠢ ᠨᠡᠶ᠋ᠢᠯᠡᠭᠦᠯᠦᠨ ᠰᠠᠭᠤᠨ ᠂
ᠦᠶ᠎ᠡ ᠬᠢᠭᠡᠳ ᠭᠡᠰᠢᠭᠦᠨ ᠊ᠢ ᠪᠦᠷᠢᠳᠬᠡᠬᠦ ᠪᠣᠯᠪᠠᠰᠤ ᠂
ᠥᠪᠡᠷ᠎ᠡ ᠪᠤᠰᠤᠳ ᠰᠠᠶ᠋ᠢᠰᠢᠶᠠᠵᠤ ᠳᠦᠷᠢᠮ ᠰᠤᠷᠲᠠᠯ ᠪᠣᠯᠭᠠᠮᠤᠢ ᠃

ᠡᠷᠲᠡ ᠴᠠᠭ ᠤ᠋ᠨ ᠬᠠᠮᠲᠤᠳᠬᠠᠯ ᠢ᠋ᠶ᠋ᠠᠷ ᠬᠣᠣᠰ ᠪᠦᠷᠢᠨ ᠪᠣᠯᠤᠭᠠᠳ ᠂
ᠡᠶ᠎ᠡ ᠵᠢᠷᠤᠮ ᠊ᠢ ᠨᠡᠶ᠋ᠢᠯᠡᠯᠳᠦᠬᠦ ᠶᠣᠰᠣ ᠡᠯ᠎ᠡ ᠪᠠᠶ᠋ᠢᠲᠠᠯ᠎ᠡ ᠂
ᠡᠷ᠎ᠡ ᠬᠣᠪᠳᠣᠭ ᠡᠮ᠎ᠡ ᠱᠠᠯᠢᠭ ᠰᠠᠮᠠᠭᠤᠷᠠᠨ ᠶᠠᠪᠤᠭᠴᠢ ᠂
ᠡᠨᠡ ᠬᠠᠷᠢᠨ ᠵᠠᠶᠠᠭ᠎ᠠ ᠪᠠᠨ ᠬᠣᠮᠰᠠᠳᠬᠠᠬᠤ ᠪᠢᠰᠢ ‍ᠦᠦ ?

ᠲᠦᠮᠡᠨ ᠡᠷᠬᠡᠲᠦ ᠬᠠᠳ ᠤ᠋ᠨ ᠪᠣᠱᠣᠭ ᠴᠤ᠌ ᠡᠮ᠎ᠡ ᠡᠴᠡ ᠬᠡᠯᠡᠮᠦᠢ ᠂
ᠲᠥᠷᠥ ᠲᠥᠷᠥ ᠶ᠋ᠢᠨ ᠰᠠᠮᠠᠭᠤᠷᠠᠯ ᠡᠭᠦᠨᠴᠡ ᠡᠭᠦᠰᠮᠦᠢ ᠂
ᠲᠥᠷᠥᠯ ᠤᠷᠤᠭ ᠨᠥᠬᠥᠷ ᠨᠠᠶ᠋ᠢᠷᠠᠯ ᠡᠭᠦᠨᠴᠡ ᠬᠣᠷᠣᠰᠤᠮᠤᠢ ᠂
ᠲᠤᠶ᠋ᠢᠯ ᠤ᠋ᠨ ᠡᠷᠬᠢᠮ ᠬᠡᠷᠡᠭ ᠦᠢᠯᠡᠰ ᠡᠭᠦᠨᠴᠡ ᠡᠪᠳᠡᠮᠦᠢ ᠃

ᠬᠣᠣ ᠯᠤᠤ ᠭᠤᠸᠠᠨ ᠳ᠋ᠤᠷ ᠴᠤᠭᠯᠠᠷᠠᠭᠰᠠᠨ ᠠᠷᠪᠠᠨ ᠨᠠᠢ᠍ᠮᠠᠨ ᠮᠣᠵᠢ ᠶ᠋ᠢᠨ ᠰᠠᠶ᠋ᠢᠳ ᠂
ᠬᠤᠷᠴᠠ ᠰᠦᠷᠲᠦ ᠵᠠᠩᠵᠤᠨ ᠪᠠᠭᠠᠲᠤᠷ ᠵᠠᠭᠤᠨ ᠲᠦᠮᠡᠨ ᠴᠡᠷᠢᠭ ᠲᠡᠢ ᠂
ᠬᠣᠣᠷᠲᠤ ᠳ᠋ᠦ᠋ᠩ ᠵᠦᠸᠧ ᠯᠢᠦᠢ ᠪᠦ ᠨᠠᠷ ᠊ᠢ ᠪᠠᠶ᠋ᠢᠯᠲᠤᠨ ᠡᠰᠡ ᠴᠢᠳᠠᠭᠠᠳ ᠂
ᠭᠤᠲᠤᠮᠰᠢᠭᠲᠤ ᠳ᠋ᠢᠶᠣᠣ ᠴᠡᠨ ᠡᠮ᠎ᠡ ᠰᠥᠨᠥᠭᠡᠮᠦᠢ ᠬᠡᠮᠡᠮᠦᠢ ᠃

ᠮᠡᠬᠡᠯᠡᠭᠳᠡᠨ ᠭᠡᠨᠡᠳᠡᠬᠦ ᠥᠩᠭᠡ ᠵᠢᠰᠦ ᠬᠡᠮᠡᠭᠴᠢ ᠂
ᠮᠡᠳᠡᠭᠰᠡᠭᠡᠷ ᠮᠡᠰᠡᠨ ᠡᠴᠡ ᠮᠠᠰᠢ ᠬᠤᠷᠴᠠ ᠠᠲᠠᠯ᠎ᠠ ᠂
ᠮᠢᠩᠭᠠᠨ ᠬᠥᠮᠦᠨ ᠮᠤᠩᠬᠠᠷᠠᠵᠤ ᠲᠦᠮᠡᠨ ᠬᠥᠮᠦᠨ ᠲᠥᠭᠡᠷᠢᠨ ᠂
ᠮᠡᠷᠭᠡᠨ ᠬᠥᠮᠦᠨ ᠬᠥᠰᠡᠷᠳᠡᠵᠦ ᠮᠠᠲᠠᠯ ᠢ᠋ᠶ᠋ᠠᠨ ᠠᠯᠳᠠᠮᠤᠢ ᠃

ᠬᠣᠣᠷᠲᠤ ᠲᠠᠴᠢᠶᠠᠯ ᠢ᠋ᠶ᠋ᠠᠷ ᠪᠡᠶ᠎ᠡ ᠶ᠋ᠢᠨ ᠲᠠᠮᠢᠷ ᠠᠯᠳᠠᠷᠠᠨ ᠂
ᠬᠣᠪᠣᠷᠳᠠᠬᠤ ᠬᠦᠰᠡᠯᠡᠩ ᠦ᠋ᠨ ᠮᠣᠷᠢᠨ ᠠᠨᠤ ᠲᠡᠪᠬᠡᠷᠡᠨ ᠂
ᠬᠤᠷᠴᠠ ᠣᠨᠣᠯ ᠪᠠᠯᠠᠷᠠᠬᠤ ᠭᠤᠲᠤᠮᠰᠢᠭ ᠊ᠢ ᠰᠢᠨᠤᠵᠤ ᠂
ᠬᠤᠷᠢᠴᠠᠯ ᠤ᠋ᠨ ᠬᠣᠪᠳᠣᠭ ᠰᠢᠨᠤᠯ ᠶᠠᠭᠤᠨ ᠲᠡᠶ᠋ᠢᠮᠦ ᠬᠡᠴᠡᠭᠦᠦ ᠃

ᠬᠣᠯᠪᠣᠭ᠎ᠠ ᠪᠠᠷ ᠡᠳᠦᠷ ᠴᠠᠭ ᠊ᠢ ᠰᠠᠭᠠᠳ ᠬᠢᠬᠦ ᠨᠢᠭᠡᠨ ᠵᠦᠢᠯ ᠂
ᠬᠣᠬᠢᠷᠠᠯ ᠢ᠋ᠶ᠋ᠠᠷ ᠨᠡᠷ᠎ᠡ ᠠᠰᠢᠭ ᠪᠠᠭᠤᠷᠠᠬᠤ ᠬᠣᠶᠠᠷ ᠵᠦᠢᠯ ᠂
ᠬᠣᠷᠣᠮᠬᠠᠨ ᠢ᠋ᠶ᠋ᠠᠷ ᠡᠷᠬᠡ ᠮᠠᠲᠠᠯ ᠬᠤᠪᠢᠶᠠᠬᠤ ᠭᠤᠷᠪᠠᠨ ᠵᠦᠢᠯ ᠂
ᠬᠤᠷᠢᠴᠠᠯ ᠢ᠋ᠶ᠋ᠠᠷ ᠰᠦᠷ ᠰᠢᠮ᠎ᠡ ᠰᠤᠯᠠᠷᠠᠬᠤ ᠳᠥᠷᠪᠡᠨ ᠵᠦᠢᠯ ᠃

ᠨᠡᠩ ᠡᠨᠡ ᠴᠠᠭ ᠤ᠋ᠨ ᠭᠤᠲᠤᠮᠰᠢᠭᠲᠤ ᠪᠠᠭᠠᠴᠤᠳ ᠂
ᠨᠢᠭᠤᠪᠠᠰᠤ ᠵᠣᠬᠢᠬᠤ ᠶ᠋ᠢ ᠨᠢᠭᠡᠮᠦᠰᠦᠨ ᠦᠬᠦᠯᠲᠡ ᠂
ᠨᠢᠭᠤᠷ ᠪᠠᠷᠠᠨ ᠴᠤᠤᠭᠢᠬᠤ ᠪᠠ ᠡᠰᠡᠬᠦᠯ᠎ᠡ ᠬᠥᠪᠰᠥᠯᠵᠡᠨ ᠂
ᠨᠢᠭᠲᠠ ᠡᠨᠡᠷᠢᠯ ᠡᠪᠳᠡᠷᠡᠵᠦ ᠶᠠᠭᠤᠨ ᠲᠤᠯᠠ ᠬᠡᠮᠡᠮᠦᠢ ᠃

ᠡᠨᠲᠡᠭᠲᠡᠯ ᠦ᠋ᠨ ᠱᠥᠯᠥ ᠤᠰᠤ ᠪᠤᠯᠭᠢᠯᠠᠬᠤ ᠪᠣᠯᠪᠠᠰᠤ ᠂
ᠢᠴᠢᠭᠦᠷᠢᠲᠡᠢ ᠡᠮᠢᠶᠡᠯᠲᠡᠢ ᠶᠠᠪᠤᠪᠠᠰᠤ ᠵᠣᠬᠢᠮᠤᠢ ᠂
ᠡᠭᠡᠨᠡᠭᠲᠡ ᠪᠠᠷᠳᠠᠮ ᠪᠣᠯᠭᠠᠨ ᠭᠠᠶ᠋ᠢᠬᠠᠭᠤᠯᠬᠤ ᠪᠣᠯᠪᠠᠰᠤ ᠂
ᠡᠷᠬᠢᠮ ᠰᠠᠢᠬᠠᠨ ᠬᠥᠮᠦᠨ ᠭᠡᠮᠡᠨ ᠬᠠᠮᠢᠭ᠎ᠠ ᠳ᠋ᠤᠷ ᠲᠠᠯᠪᠢᠮᠤᠢ ᠃

ᠴᠢᠩᠳᠠ ᠪᠠᠲᠤ ᠡᠷ᠎ᠡ ᠡᠮ᠎ᠡ ᠶ᠋ᠢᠨ ᠵᠢᠷᠭᠠᠯᠠᠩ ᠊ᠢ ᠴᠢᠮᠠᠯᠠᠨ ᠂
ᠴᠢᠨᠠᠷ ᠰᠤᠯᠠ ᠴᠡᠪᠡᠷ ᠦᠭᠡᠢ ᠬᠣᠭᠣᠰᠣᠨ ᠥᠩᠭᠡ ᠬᠥᠭᠡᠭᠡᠵᠦ ᠂
ᠴᠢᠷᠦᠯᠲᠡᠬᠦ ᠵᠣᠪᠠᠯᠠᠩ ᠊ᠢ ᠡᠷᠡᠮᠨᠢᠵᠤ ᠶᠠᠪᠤᠭᠴᠢ ᠂
ᠴᠢᠨᠳᠠᠮᠤᠨᠢ ᠶ᠋ᠢᠨ ᠪᠡᠶ᠎ᠡ ᠶᠦ᠍ᠭᠡᠨ ᠬᠦᠩᠭᠡᠯᠡᠭᠰᠡᠨ ᠪᠢᠰᠢ ‍ᠤᠤ ?

ᠠᠮᠠ ᠮᠡᠳᠡᠨ ᠴᠠᠯᠴᠢᠭᠰᠠᠭᠠᠷ ᠬᠡᠲᠦᠷᠡᠬᠦ ᠪᠤᠯᠪᠠᠯ᠎ᠡ ᠂
ᠠᠯᠮᠠᠢ ᠪᠠᠭ᠎ᠠ ᠶ᠋ᠢᠨ ᠶᠠᠪᠤᠳᠠᠯ ᠪᠤᠰᠤ ᠭᠡᠵᠦ ᠪᠣᠯᠬᠤ ‍ᠤᠤ ︖
ᠠᠳᠠᠭ ᠮᠢᠨᠦ ᠦᠨᠡᠨ ᠦᠭᠡ ᠬᠣᠣᠷᠯᠠᠯ ᠶᠠᠭᠤᠨ ᠠᠵᠢᠶᠠᠮᠤ ᠂
ᠠᠭᠤᠤ ᠣᠯᠠᠨ ᠨᠥᠬᠥᠳ ᠲᠠᠨ ᠢ᠋ᠶ᠋ᠠᠷ ᠳᠣᠮᠣᠭ ᠪᠣᠯᠭᠠᠨ ᠦᠵᠡ ᠳ᠋ᠣᠣ᠎ᠡ ᠃

   ᠠᠮᠢᠯᠠᠭᠤᠯᠤᠭᠰᠠᠨ ᠨᠢ ᠄ ᠦᠯᠵᠡᠶ᠋ᠢᠪᠠᠭᠠᠲᠤᠷ
   ᠬᠢᠨᠠᠭᠰᠠᠨ ᠨᠢ ᠄ ᠤᠤᠠᠬᠠᠨᠰᠤ᠎ᠡ