ᠳᠣᠯᠣᠭᠠᠨ ᠣᠳᠣᠨ ᠤ ᠳᠣᠮᠣᠭШанага долоон одны домог
ᠳᠣᠯᠣᠭᠠᠨ ᠣᠳᠣᠨ ᠤ ᠳᠣᠮᠣᠭ
ᠡᠷᠲᠡ ᠤᠷᠢᠳᠤ ᠶ᠋ᠢᠨ ᠴᠠᠭ ᠲᠤ᠌ ᠭᠡᠨ᠎ᠡ᠃ ᠡᠨᠡ ᠶᠢᠷᠲᠢᠨᠴᠦ ᠶ᠋ᠢᠨ ᠡᠬᠢᠨ ᠳ᠋ᠦ᠍ ᠭᠡᠨ᠎ᠡ᠃ ᠡᠯᠦᠨᠴᠡ ᠡᠪᠦᠭᠡᠳ ᠦ᠋ᠨ ᠪᠠᠯᠴᠢᠷ ᠲᠤ᠌ ᠭᠡᠨ᠎ᠡ᠃ ᠵᠤᠨ ᠣᠯᠠᠨ ᠡᠩᠬᠡ ᠲᠤᠩᠬ᠎ᠠ ᠡᠩ ᠦᠭᠡᠢ ᠰᠠᠢᠬᠠᠨ ᠠᠮᠢᠳᠤᠷᠠᠵᠤ ᠪᠠᠶ᠋ᠢᠲᠠᠯ᠎ᠠ ᠬᠣᠷᠸ᠋᠎ᠠ ᠶᠢᠷᠲᠢᠨᠴᠦ ᠶ᠋ᠢ ᠬᠣᠮᠤᠷᠢᠭᠤᠯᠤᠨ ᠠᠪᠬᠤ ᠪᠠᠷ ᠬᠣᠷᠣᠨ ᠰᠠᠨᠠᠭᠠᠲᠠᠨ ᠬᠠᠷ᠎ᠠ ᠰᠠᠨᠠᠭ᠎ᠠ ᠪᠠᠷ ᠢ᠋ᠶ᠋ᠠᠨ ᠬᠠᠮᠤᠭ ᠪᠦᠬᠦᠨ ᠊ᠢ ᠭᠤᠲᠤᠷᠠᠬᠠᠵᠤ ᠬᠡᠷᠡᠭᠦᠯ ᠲᠡᠮᠡᠴᠡᠯ ᠬᠢᠯᠢᠩ ᠣᠮᠣᠭ ᠢ᠋ᠶ᠋ᠠᠷ ᠳᠦᠭᠦᠷᠭᠡᠨ ᠬᠠᠷᠢᠶᠠᠯ ᠵᠢᠲᠡᠪ ᠬᠢᠵᠦ ᠭᠡᠨ᠎ᠡ᠃ ᠡᠭᠦᠷᠢᠳᠡ ᠮᠠᠨᠳᠤᠳᠠᠭ ᠨᠠᠷᠠᠨ ᠵᠢᠷᠭᠠᠵᠤ᠂ ᠡᠭᠦᠯᠭᠡᠷ ᠴᠠᠭᠠᠨ ᠰᠠᠷᠠᠨ ᠱᠠᠩᠳᠠᠵᠤ ᠂ ᠣᠷᠴᠢᠯᠠᠩ ᠶᠢᠷᠲᠢᠨᠴᠦ ᠶ᠋ᠢ ᠲᠦᠨᠡᠷ ᠬᠠᠷᠠᠩᠭᠤᠢ ᠨᠥᠮᠥᠷᠭᠡᠵᠡᠢ᠃ ᠤᠷᠭᠤᠮᠠᠯ ᠨᠢ ᠬᠠᠲᠠᠵᠤ᠂ ᠤᠰᠤ ᠨᠢ ᠪᠤᠯᠠᠩᠭᠢᠷᠲᠤᠨ ᠂ ᠠᠩ ᠠᠮᠢᠲᠠᠨ ᠳᠠᠶ᠋ᠢᠵᠢᠵᠤ ᠂ ᠠᠰᠬ᠎ᠠ ᠬᠠᠳᠠ ᠦᠢᠷᠡᠵᠦ ᠤᠨᠠᠬᠤ ᠳ᠋ᠤ᠌ ᠬᠥᠮᠦᠰ ᠭᠠᠢ ᠭᠠᠮᠰᠢᠭ ᠊ᠢ ᠬᠡᠷᠬᠢᠨ ᠭᠡᠲᠦᠯᠬᠦ ᠲᠤᠬᠠᠢ ᠠᠷᠭ᠎ᠠ ᠴᠠᠷᠭ᠎ᠠ ᠬᠠᠶ᠋ᠢᠵᠤ ᠶᠠᠳᠠᠭᠠᠳ ᠮᠡᠷᠭᠡᠳ ᠦ᠋ᠨ ᠣᠷᠣᠨ ᠤᠷᠤᠭᠤ ᠡᠯᠴᠢ ᠵᠠᠷᠤᠵᠠᠢ᠃ ᠮᠡᠷᠭᠡᠳ ᠥᠭᠦᠯᠡᠷᠦᠨ ᠄ 《ᠡᠨᠡ ᠶᠢᠷᠲᠢᠨᠴᠦ ᠶ᠋ᠢᠨ ᠲᠡᠭᠦᠰᠬᠡᠯ ᠊ᠢ ᠨᠢ ᠵᠣᠭᠰᠣᠭᠠᠵᠤ ᠭᠠᠢ ᠲᠦᠢᠳᠬᠡᠷ ᠡᠴᠡ ᠠᠪᠤᠷᠠᠨ ᠭᠠᠮᠰᠢᠭ ᠵᠣᠪᠠᠯᠠᠩ ᠊ᠢ ᠬᠠᠯᠠᠬᠤ ᠡᠷ᠎ᠡ ᠪᠢᠷ᠎ᠠ᠂ ᠡᠷᠳᠡᠮ ᠴᠢᠳᠠᠯ ᠡᠩ ᠲᠡᠩᠴᠡᠭᠦᠦ ᠳᠣᠯᠣᠭᠠᠨ ᠬᠥᠪᠡᠭᠦᠨ ᠊ᠢ ᠣᠯ! ᠠᠷᠠᠳ ᠣᠯᠠᠨ ᠳ᠋ᠤ᠌ ᠠᠮᠤᠷ ᠠᠮᠤᠭᠤᠯᠠᠩ ᠠᠪᠴᠢᠷᠠᠬᠤ ᠠᠭᠤᠤ ᠲᠡᠳᠡ ᠬᠦᠴᠦ ᠶ᠋ᠢ ᠨᠢᠭᠡᠤᠠᠬᠡᠭᠰᠡᠨ ᠢ᠋ᠶ᠋ᠡᠷ ᠬᠠᠷᠠᠩᠭᠤᠢ ᠶ᠋ᠢᠨ ᠬᠠᠷᠠᠭ᠎ᠠ ᠪᠠᠷᠢᠯᠳᠤᠭᠴᠢ ᠯᠦᠩᠳᠦ᠋ᠩ ᠪᠣᠢ᠃ ᠴᠢᠩ ᠰᠡᠳᠬᠢᠯ ᠡᠴᠡ ᠪᠡᠨ ᠡᠪ ᠡᠶ᠎ᠡ ᠶ᠋ᠢ ᠡᠷᠬᠢᠮᠯᠡᠪᠡᠰᠦ ᠲᠡᠶ᠋ᠢᠨ ᠬᠦ ᠲᠠ ᠨᠠᠷ ᠤ᠋ᠨ ᠰᠠᠢᠨ ᠴᠠᠭ ᠢᠷᠡᠬᠦ ᠪᠣᠯᠤᠨ᠎ᠠ ! 》 ᠭᠡᠵᠡᠢ᠃ ᠠᠷᠠᠳ ᠣᠯᠠᠨ ᠵᠦᠭ ᠪᠦᠷᠢ ᠳ᠋ᠦ᠍ ᠵᠠᠷ ᠲᠠᠷᠬᠠᠭᠠᠵᠤ ᠰᠦᠨ ᠳᠠᠯᠠᠢ ᠶ᠋ᠢ ᠭᠠᠲᠤᠯᠵᠤ᠂ ᠰᠦᠮᠪᠦᠷ ᠠᠭᠤᠯᠠᠰ ᠊ᠢ ᠳᠠᠪᠠᠵᠤ ᠬᠠᠶ᠋ᠢᠭᠠᠳ ᠴᠤ᠌ ᠠᠪᠤᠷᠠᠯ ᠤ᠋ᠨ ᠳᠣᠯᠣᠭᠠᠨ ᠪᠠᠭᠠᠲᠤᠷ ᠊ᠢ ᠡᠰᠡ ᠣᠯᠵᠠᠢ᠃ ᠬᠠᠷ᠎ᠠ ᠰᠠᠨᠠᠭᠠᠲᠠᠨ ᠬᠠᠮᠤᠭ ᠪᠦᠬᠦᠨ ᠊ᠢ ᠲᠦᠢᠪᠡᠭᠡᠭᠰᠡᠭᠡᠷ ᠯᠡ᠁ ᠠᠷᠠᠳ ᠣᠯᠠᠨ ᠤ᠋ ᠢᠲᠡᠭᠡᠯ ᠮᠡᠬᠦᠰ ᠢ᠋ᠶ᠋ᠡᠷ ᠯᠡ ᠪᠠᠶ᠋ᠢᠯ᠎ᠠ ᠃ ᠰᠠᠪᠠ ᠰᠢᠨ᠎ᠡ ᠶᠢᠷᠲᠢᠨᠴᠦ ᠶ᠋ᠢᠨ ᠬᠥᠮᠦᠨ ᠵᠤᠨ ᠪᠤᠯᠲᠤ ᠪᠠᠷ ᠢ᠋ᠶ᠋ᠠᠨ ᠡᠪᠦᠳᠦᠭ ᠲᠣᠬᠣᠢ ᠨᠡᠶ᠋ᠢᠯᠡᠲᠡᠯᠡ ᠡᠳᠦᠷ ᠰᠥᠨᠢ ᠶ᠋ᠢ ᠢᠯᠭᠠᠯ ᠦᠭᠡᠢ ᠮᠥᠷᠭᠥᠨ ᠵᠠᠯᠪᠠᠷᠢᠭᠠᠳ ᠴᠤ᠌ ᠲᠤᠰᠠ ᠶ᠋ᠢ ᠨᠢ ᠡᠰᠡ ᠣᠯᠤᠭᠠᠳ ᠪᠠᠶ᠋ᠢᠲᠠᠯ᠎ᠠ ᠲᠥᠪ ᠨᠤᠲᠤᠭ ᠤ᠋ᠨ ᠰᠢᠲᠦᠭᠡᠨ ᠪᠣᠭᠳᠠ ᠬᠠᠨ᠂ ᠮᠠᠨᠢᠲᠤ ᠬᠠᠶ᠋ᠢᠷᠬᠠᠨ ᠂ ᠵᠣᠷᠭᠤᠯ ᠬᠠᠶ᠋ᠢᠷᠬᠠᠨ ᠂ ᠳᠡᠯᠭᠡᠷ ᠬᠠᠨ᠂ ᠪᠠᠲᠤ ᠬᠠᠨ᠂ ᠴᠢᠨᠳᠠᠮᠤᠨᠢ ᠬᠠᠶ᠋ᠢᠷᠬᠠᠨ ᠂ ᠵᠣᠭᠰᠣᠭᠠᠯ ᠬᠠᠶ᠋ᠢᠷᠬᠠᠨ ᠠᠭᠤᠯᠠᠰ ᠤ᠋ᠨ ᠣᠩᠭᠣᠳ ᠰᠢᠲᠦᠭᠡᠨ ᠨᠤᠭᠦᠳ ᠳᠣᠯᠣᠭᠠᠨ ᠪᠠᠭᠠᠲᠤᠷ ᠊ᠢ ᠥᠭᠭᠦᠭᠡᠵᠢ ᠡᠪᠦᠷ ᠡᠴᠡ ᠪᠡᠨ ᠲᠥᠷᠥᠭᠦᠯᠵᠦ ᠬᠣᠷᠸ᠋᠎ᠠ ᠶᠢᠷᠲᠢᠨᠴᠦ ᠶ᠋ᠢ ᠠᠪᠤᠷᠠ ᠭᠡᠮᠡᠨ ᠢᠯᠡᠭᠡᠵᠦ ᠭᠡᠨ᠎ᠡ᠃ ᠡᠬᠡ ᠨᠤᠲᠤᠭ ᠤ᠋ᠨ ᠂ ᠡᠬᠡ ᠠᠭᠤᠯᠠᠰ ᠤ᠋ᠨ ᠰᠢᠲᠦᠭᠡᠨ ᠳᠣᠯᠣᠭᠠᠨ ᠪᠠᠭᠠᠲᠤᠷ ᠠᠷᠭᠤᠮᠠᠭ ᠬᠦᠯᠦᠭ ᠢ᠋ᠶ᠋ᠡᠨ ᠤᠨᠤᠵᠤ ᠠᠯᠲᠠᠨ ᠢᠯᠳᠦ ᠪᠡᠨ ᠰᠤᠭᠤᠯᠵᠤ ᠬᠣᠷᠣᠨ ᠰᠠᠨᠠᠭᠠᠲᠠᠨ ᠲᠠᠢ ᠲᠡᠮᠡᠴᠡᠯᠳᠦᠨ ᠪᠠᠶ᠋ᠢᠯᠲᠤᠵᠤ ᠂ ᠬᠠᠷ᠎ᠠ ᠬᠠᠷᠢᠶᠠᠯ ᠊ᠢ ᠡᠪ ᠦ᠋ᠨ ᠬᠦᠴᠦ ᠪᠡᠷ ᠳᠠᠷᠤᠵᠤ᠂ ᠡᠩᠬᠡ ᠰᠠᠢᠬᠠᠨ ᠴᠠᠭ ᠊ᠢ ᠡᠷᠭᠢᠭᠦᠯᠦᠨ ᠠᠪᠴᠢᠷᠠᠵᠠᠢ ᠭᠡᠨ᠎ᠡ᠃ ᠪᠠᠭᠠᠲᠤᠷ ᠡᠷᠡᠰ ᠬᠠᠲᠠᠭᠤ ᠴᠠᠭ ᠊ᠢ ᠬᠠᠯᠠᠵᠤ ᠬᠠᠮᠤᠭ ᠶᠢᠷᠲᠢᠨᠴᠦ ᠶ᠋ᠢ ᠠᠪᠤᠷᠠᠭᠠᠳ ᠬᠠᠷᠢᠶᠠᠯ ᠊ᠢ ᠲᠠᠰᠤᠳᠠᠨ ᠬᠠᠨ ᠲᠩᠷᠢ ᠳ᠋ᠦ᠍ ᠪᠡᠨ ᠵᠠᠯᠠᠷᠠᠵᠤ ᠬᠠᠮᠲᠤ ᠳ᠋ᠤ᠌ ᠪᠠᠨ ᠬᠡᠷᠡᠯᠳᠦᠬᠦ ᠰᠢᠨᠠᠭ᠎ᠠ ᠳᠣᠯᠣᠭᠠᠨ ᠣᠳᠣ ᠪᠣᠯᠤᠨ ᠮᠥᠩᠬᠡᠷᠡᠭᠰᠡᠨ ᠶᠦ᠍ᠮ ᠭᠡᠨ᠎ᠡ ᠪᠢᠯᠡ᠃ ᠡᠶ᠋ᠢᠨ ᠬᠦ ᠡᠷᠡᠯᠬᠡᠭ ᠳᠣᠯᠣᠭᠠᠨ ᠪᠠᠭᠠᠲᠤᠷ ᠤ᠋ᠨ ᠭᠠᠪᠢᠶ᠎ᠠ ᠳᠣᠮᠣᠭ ᠪᠣᠯᠤᠨ ᠳᠠᠭᠤᠷᠢᠰᠴᠤ ᠰᠠᠢᠨ ᠴᠠᠭ ᠤ᠋ᠨ ᠡᠬᠢᠯᠡᠯ ᠰᠢᠨᠠᠭ᠎ᠠ ᠳᠣᠯᠣᠭᠠᠨ ᠣᠳᠣ ᠬᠣᠷᠸ᠋᠎ᠠ ᠶᠢᠷᠲᠢᠨᠴᠦ ᠶ᠋ᠢ ᠢᠪᠡᠭᠡᠳᠡᠭ ᠪᠣᠯᠤᠭᠰᠠᠨ ᠶᠤᠮ ᠪᠠᠶ᠋ᠢᠵᠠᠢ ᠃ ᠡᠳᠦᠭᠡ ᠴᠠᠭ ᠲᠤ᠌ ᠡᠬᠡ ᠨᠤᠲᠤᠭ ᠤ᠋ᠨ ᠢᠷᠭᠡᠳ᠂ ᠲᠥᠪ ᠨᠤᠲᠤᠭ ᠤ᠋ᠨ ᠵᠠᠯᠠᠭᠤᠰ ᠨᠢ 《 ᠠᠯᠲᠠᠨ ᠰᠢᠨᠠᠭ᠎ᠠ 》 ᠭᠡᠮᠡᠨ ᠳᠡᠭᠡᠳᠦᠯᠡᠳᠡᠭ ᠪᠣᠯᠤᠭᠰᠠᠨ ᠶᠤᠮ ᠭᠡᠳᠡᠭ ᠃
ᠦᠰᠦᠭ ᠬᠠᠲᠠᠭᠰᠠᠨ ᠨᠢ ᠄ᠮᠥᠩᠭᠦᠨᠴᠡᠴᠡᠭ
ᠦᠰᠦᠭ ᠠᠮᠢᠯᠠᠭᠤᠯᠤᠭᠰᠠᠨ ᠨᠢ ᠄ᠮᠥᠩᠭᠦᠨᠴᠡᠴᠡᠭ
ᠬᠢᠨᠠᠭᠴᠢ ᠪᠠᠭᠰᠢ ᠄ᠮᠥᠴᠢᠷ
