ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-02 ишданзанваанжлийн ирээдүйд нийтлэх шүлэг-Хоёрдугаар бөлөг ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-02 ишданзанваанжлийн ирээдүйд нийтлэх шүлэг-Хоёрдугаар бөлөг

ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-02 ишданзанваанжлийн ирээдүйд нийтлэх шүлэг-Хоёрдугаар бөлөг

2023-04-28

230

ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-02

ᠬᠣᠶᠠᠳᠤᠭᠠᠷ ᠬᠡᠰᠡᠭ

ᠡᠷᠬᠢᠮ ᠴᠣᠭᠴᠠ ᠬᠥᠮᠦᠨ ᠭᠡᠮᠡᠨ ᠶᠢᠷᠲᠢᠨᠴᠦ ᠳ᠋ᠦ᠍ ᠲᠥᠷᠥᠭᠡᠳ ᠂
ᠡᠷᠳᠡᠮ ᠴᠢᠳᠠᠯ ᠪᠦᠷᠢᠳᠬᠡᠬᠦ ᠬᠡᠷᠡᠭ ᠮᠠᠰᠢ ᠴᠢᠬᠤᠯᠠ ᠂
ᠡᠳᠦᠷ ᠰᠠᠷ᠎ᠠ ᠶ᠋ᠢᠨ ᠬᠡᠯᠪᠡᠷᠢᠯ ᠊ᠢ ᠬᠣᠭᠣᠰᠣᠭᠣᠷ ᠥᠩᠭᠡᠷᠡᠪᠡᠯ ᠂
ᠡᠴᠦᠰ ᠬᠣᠶ᠋ᠢᠲᠤ ᠶ᠋ᠢᠨ ᠵᠢᠷᠭᠠᠯᠠᠩ ᠊ᠢ ᠶᠠᠭᠠᠬᠢᠵᠤ ᠪᠦᠷᠢᠳᠬᠡᠨᠡᠮ ᠃

ᠡᠷᠳᠡᠨᠢᠲᠦ ᠬᠠᠰ ᠨᠣᠮᠢᠨ ᠦᠵᠡᠰᠬᠦᠯᠡᠩ ᠪᠣᠯᠪᠠᠴᠤ ᠂
ᠡᠳ᠋ ᠪᠣᠯᠭᠠᠨ ᠵᠠᠰᠠᠯ ᠦᠭᠡᠢ ᠬᠡᠷᠡᠭ ᠦᠭᠡᠢ ᠴᠢᠯᠠᠭᠤᠨ ᠂
ᠡᠷᠬᠢᠮ ᠰᠠᠢᠬᠠᠨ ᠬᠥᠮᠦᠨ ᠪᠡᠶ᠎ᠡ ᠵᠢᠪᠬᠤᠯᠠᠩᠲᠤ ᠪᠣᠯᠪᠠᠴᠤ ᠂
ᠡᠷᠳᠡᠮ ᠡᠰᠡ ᠰᠤᠷᠪᠠᠰᠤ ᠴᠢᠨᠠᠷ ᠦᠭᠡᠢ ᠮᠠᠬᠠᠪᠣᠳ ᠃

ᠪᠢᠴᠢᠭᠡᠴᠢ ᠪᠠ ᠲᠠᠷᠢᠶᠠᠴᠢ ᠬᠤᠳᠠᠯᠳᠤᠭᠴᠢ ᠤᠷᠠᠴᠤᠳ ᠂
ᠪᠢᠰᠢ ᠪᠠᠰᠠ ᠵᠠᠭᠤᠨ ᠵᠦᠢᠯ ᠦ᠋ᠨ ᠦᠢᠯᠡᠳᠬᠦ ᠶᠠᠪᠤᠳᠠᠯ ᠂
ᠪᠢᠯᠢᠭ ᠡᠷᠳᠡᠮ ᠠᠷᠭ᠎ᠠ ᠴᠢᠳᠠᠯ ᠲᠥᠯᠥᠪ ᠥᠪᠡᠷ᠎ᠡ ᠪᠣᠯᠪᠠᠴᠤ ᠂
ᠪᠡᠶ᠎ᠡ ᠭᠡᠷ ᠊ᠢ ᠬᠥᠭᠵᠢᠭᠦᠯᠬᠦ ᠬᠡᠷᠡᠭ ᠪᠦᠷᠢᠨ ᠠᠳᠠᠯᠢ ᠃

ᠪᠠᠭ᠎ᠠ ᠴᠠᠭ ᠤ᠋ᠨ ᠪᠠᠯᠠᠶ᠋ᠢᠷᠠᠯ ᠊ᠢ ᠪᠠᠭᠰᠢ ᠶᠡᠬᠡᠰ ᠭᠠᠷᠭᠠᠮᠤᠢ ᠂
ᠪᠠᠳᠠᠷᠠᠩᠭᠤᠢ ᠠᠯᠳᠠᠷ ᠨᠡᠷ᠎ᠡ ᠶ᠋ᠢ ᠪᠤᠰᠤᠳ ᠠ᠋ᠴᠠ ᠦᠭᠭᠦᠮᠦᠢ ᠂
ᠪᠠᠭᠤᠷᠠᠬᠤ ᠶ᠋ᠢᠨ ᠳᠣᠷᠣᠶ᠋ᠢᠲᠠᠯ ᠊ᠢ ᠥᠪᠡᠷ ᠢ᠋ᠶ᠋ᠡᠨ ᠣᠯᠤᠮᠤᠢ ᠂
ᠪᠠᠶ᠋ᠢᠵᠢ ᠪᠠᠶ᠋ᠢᠵᠢ ᠪᠠᠭ᠎ᠠ ᠭᠡᠪᠡᠯ ᠬᠣᠵᠢᠮᠳᠠᠬᠤ ᠪᠣᠯᠤᠮᠤᠢ ᠃

ᠠᠪᠤ ᠡᠵᠢ ᠪᠣᠯᠤᠭᠴᠢᠳ ᠢ᠋ᠶ᠋ᠠᠷ ᠲᠤᠰ ᠪᠦᠷᠢ ᠶ᠋ᠢᠨ ᠥᠪᠡᠷ ᠢ᠋ᠶ᠋ᠡᠨ ᠂
ᠠᠷᠪᠠᠨ ᠨᠠᠰᠤᠨ ᠠᠮᠢᠰᠬᠤᠯ ᠳ᠋ᠤᠷ ᠪᠢᠴᠢᠭ ᠨᠣᠮ ᠊ᠢ ᠰᠤᠷᠭᠠᠮᠤᠢ ᠂
ᠠᠯᠮᠠᠶ᠋ᠢᠲᠠᠨ ᠣᠰᠣᠯᠳᠠᠵᠤ ᠠᠷᠪᠠᠨ ᠲᠠᠪᠤᠨ ᠬᠦᠷᠬᠦᠯ᠎ᠡ ᠂
ᠠᠬᠤᠯ ᠴᠢᠨᠠᠷ ᠰᠢᠯᠵᠢᠵᠦ ᠥᠪᠡᠷ᠎ᠡ ᠤᠪ ᠊ᠢ ᠰᠢᠨᠤᠮᠤᠢ ᠃

ᠨᠤᠭᠤᠨ ᠥᠬᠢᠨ ᠦᠷ᠎ᠡ ᠶᠦ᠍ᠭᠡᠨ ᠰᠤᠷᠭᠠᠬᠤᠢ ᠳ᠋ᠤᠷ ᠵᠣᠪᠠᠵᠤ ᠂
ᠨᠢᠭᠡᠮᠦᠰᠦᠨ ᠬᠠᠶ᠋ᠢᠷᠠᠯᠠᠭᠰᠠᠭᠠᠷ ᠵᠡᠷᠯᠢᠭ ᠠᠲᠠᠷ ᠪᠣᠯᠭᠠᠭᠠᠳ ᠂
ᠨᠢᠭᠡᠨ ᠨᠠᠰᠤᠨ ᠶᠠᠪᠤᠳᠠᠯ ᠊ᠢ ᠰᠠᠭᠠᠳ ᠬᠢᠬᠦ ᠶ᠋ᠢᠨ ᠳᠡᠭᠡᠷ᠎ᠡ ᠂
ᠨᠡᠷ᠎ᠡ ᠠᠰᠢᠭ ᠭᠤᠲᠤᠭᠠᠬᠤ ᠭᠡᠷᠦᠨ ᠳᠠᠶ᠋ᠢᠰᠤᠨ ᠪᠣᠯᠤᠮᠤᠢ ᠃

ᠪᠢᠷ ᠪᠡᠬᠡ ᠡᠷᠢᠶᠡᠯᠡᠨ ᠤᠳᠬ᠎ᠠ ᠬᠢᠭᠡᠳ ᠤᠶᠠᠩᠭ᠎ᠠ ᠂
ᠪᠢᠯᠢᠭ ᠡᠷᠳᠡᠮ ᠲᠡᠭᠦᠰᠬᠡᠬᠦ ᠶᠣᠰᠣ ᠨᠣᠮᠯᠠᠯ ᠢᠯᠡᠷᠬᠡᠢ ᠂
ᠪᠡᠶ᠎ᠡ ᠭᠡᠷᠦᠨ ᠶᠠᠪᠤᠳᠠᠯ ᠪᠠ ᠤᠯᠤᠰ ᠲᠥᠷᠥ ᠶ᠋ᠢᠨ ᠬᠡᠷᠡᠭ ᠲᠦ᠍ᠷ ᠂
ᠪᠢᠴᠢᠭ ᠨᠣᠮ ᠤ᠋ᠨ ᠠᠴᠢ ᠲᠤᠰᠠ ᠲᠦᠮᠡᠨ ᠦᠶ᠎ᠡ ᠲᠣᠳᠣᠷᠬᠠᠢ ᠃

ᠴᠢᠬᠢᠨ ᠳ᠋ᠡᠭᠡᠨ ᠰᠢᠩᠭᠡᠭᠦᠯᠵᠦ ᠨᠢᠳᠦᠨ ᠳ᠋ᠡᠭᠡᠨ ᠰᠢᠷᠲᠡᠭᠡᠳ ᠂
ᠴᠡᠭᠡᠵᠢᠨ ᠳ᠋ᠦ᠍ᠷ ᠠᠭᠤᠯᠠᠵᠤ ᠰᠡᠳᠬᠢᠯ ᠳ᠋ᠡᠭᠡᠨ ᠲᠡᠮᠳᠡᠭᠯᠡᠨ ᠂
ᠴᠢᠩᠭ᠎ᠠ ᠵᠣᠷᠢᠭ ᠡᠭᠦᠰᠬᠡᠵᠦ ᠪᠢᠰᠢᠯᠭᠠᠬᠤ ᠪᠣᠯᠪᠠᠰᠤ ᠂ 
ᠴᠢᠩ ᠦᠨᠡᠨ ᠰᠤᠷᠤᠯᠭ᠎ᠠ ᠶ᠋ᠢ ᠲᠡᠭᠦᠰᠬᠡᠵᠦ ᠪᠣᠯᠤᠮᠤᠢ ᠃

ᠱᠸᠩᠽᠦ ᠬᠤᠸᠠᠩᠳᠢ ᠪᠣᠭᠳᠠ ᠬᠠᠳ ᠤ᠋ᠨ ᠵᠣᠬᠢᠶᠠᠵᠤ ᠭᠠᠷᠭᠠᠭᠰᠠᠨ ᠂
ᠰᠢᠩ ᠢᠦᠢ ᠺᠤᠸᠠᠩ ᠰᠢᠶᠦᠩ ᠬᠡᠮᠡᠭᠲᠡᠬᠦ ᠠᠷᠪᠠᠨ ᠵᠢᠷᠭᠤᠭᠠᠨ ᠪᠦᠯᠦᠭ ᠂
ᠰᠢᠨ᠎ᠡ ᠴᠠᠭ ᠤ᠋ᠨ ᠪᠣᠳᠣᠷᠣᠣᠯ ᠪᠠ ᠰᠡᠳᠬᠦᠯ ᠪᠢᠴᠢᠭ ᠦ᠋ᠳ ᠊ᠢ ᠂
ᠱᠠᠯᠠᠮᠠᠭᠠᠶ᠋ᠢᠯᠠᠨ ᠠᠯᠢ ᠰᠠᠶ᠋ᠢᠲᠤᠷ ᠦᠢᠯᠡᠳᠪᠡᠰᠦ ᠵᠣᠬᠢᠮᠤᠢ ᠃

ᠲᠤᠶ᠋ᠢᠯ ᠤ᠋ᠨ ᠪᠣᠭᠳᠠ ᠺᠦᠩᠽᠢ ᠬᠢᠭᠡᠳ ᠳᠥᠷᠪᠡᠨ ᠪᠣᠭᠳᠠ ᠶ᠋ᠢᠨ ᠵᠣᠬᠢᠶᠠᠯ ᠂
ᠳᠥᠷᠪᠡᠨ ᠪᠢᠴᠢᠭ ᠲᠡᠭᠦᠨᠴᠢᠯᠡᠨ ᠲᠠᠪᠤᠨ ᠨᠣᠮ ᠦᠯᠡᠮᠵᠢ ᠂
ᠲᠦᠮᠡᠨ ᠣᠨ ᠤ᠋ ᠲᠡᠦᠬᠡ ᠨᠠᠮᠲᠠᠷ ᠤᠳᠬ᠎ᠠ ᠰᠢᠯᠦᠭ ᠦ᠋ᠳ ᠪᠠ ᠂
ᠲᠥᠷᠥ ᠶᠣᠰᠣ ᠬᠠᠤᠯᠢ ᠴᠠᠭᠠᠵᠠ ᠶ᠋ᠢ ᠦᠵᠡᠪᠡᠰᠦ ᠵᠣᠬᠢᠰᠲᠠᠢ ᠃

ᠬᠡᠳᠦᠢ ᠶᠡᠬᠡ ᠪᠢᠴᠢᠭ ᠰᠤᠳᠤᠷ ᠲᠡᠭᠦᠰᠦᠭᠰᠡᠨ ᠪᠣᠯᠪᠠᠴᠤ ᠂
ᠬᠡᠷᠡᠭᠯᠡᠵᠦ ᠴᠢᠳᠠᠬᠤ ᠶ᠋ᠢ ᠡᠷᠳᠡᠮ ᠭᠡᠮᠡᠨ ᠮᠡᠳᠡᠯᠲᠡᠢ ᠂
ᠭᠡᠷᠦᠨ ᠶᠣᠰᠣ ᠲᠥᠷᠥ ᠶ᠋ᠢᠨ ᠵᠠᠷᠴᠢᠮ ᠊ᠢ ᠨᠡᠪᠲᠡᠷᠡᠭᠰᠡᠨ ᠪᠣᠯᠪᠠᠴᠤ ᠂
ᠬᠢᠴᠢᠶᠡᠩᠭᠦᠢ ᠰᠢᠳᠤᠷᠭᠤ ᠶ᠋ᠢ ᠭᠣᠣᠯᠴᠢ ᠪᠣᠯᠭᠠᠨ ᠶᠠᠪᠤᠯᠲᠠᠢ ᠃

ᠭᠤᠷᠪᠠᠨ ᠮᠢᠩᠭ᠎ᠠ ᠵᠢᠷᠭᠤᠭᠠᠨ ᠵᠠᠭᠤᠨ ᠱᠠᠪᠢᠨᠠᠷ ᠤ᠋ᠨ ᠳᠣᠲᠣᠷ᠎ᠠ ᠂
ᠭᠣᠣᠯᠴᠢ ᠪᠠᠲᠤ ᠪᠣᠭᠳᠠ ᠮᠡᠷᠡᠭᠡᠳ ᠳᠠᠯᠠᠨ ᠬᠣᠶᠠᠷ ᠡᠷᠳᠡᠮᠲᠡᠨ ᠂
ᠬᠤᠷᠴᠠ ᠣᠨᠣᠯ ᠦᠨᠡᠨ ᠰᠤᠷᠲᠠᠯ ᠭᠠᠲᠠᠭᠤᠤᠠᠬᠠᠨ ᠭᠠᠷᠭᠠᠵᠤ ᠂
ᠬᠣᠶ᠋ᠢᠴᠢ ᠦᠶ᠎ᠡ ᠶ᠋ᠢᠨ ᠰᠤᠷᠤᠭᠴᠢᠳ ᠲᠤᠷ ᠤᠳᠤᠷᠢᠳᠤᠯ ᠪᠣᠯᠵᠤᠬᠤᠢ ᠃

ᠬᠥᠭᠡᠷᠦᠬᠦᠶ᠋ᠢᠯᠡᠨ ᠴᠢᠳᠠᠪᠠᠰᠤ ᠥᠷᠥᠰᠢᠶᠡᠯ ᠪᠢᠰᠢ ‍ᠦᠦ ᠂
ᠬᠦᠨᠳᠦᠯᠡᠵᠦ ᠴᠢᠳᠠᠪᠠᠰᠤ ᠵᠢᠷᠤᠮ ᠪᠤᠰᠤ ᠶᠠᠭᠤᠨ ᠪᠣᠢ ᠂
ᠬᠦᠩᠭᠡᠮᠰᠦᠩᠯᠡᠨ ᠴᠢᠳᠠᠪᠠᠰᠤ ᠶᠣᠰᠣᠯᠠᠯᠲᠠᠢ ᠪᠤᠰᠤ ‍ᠤᠤ ᠂
ᠬᠦᠯᠢᠴᠡᠵᠦ ᠴᠢᠳᠠᠪᠠᠰᠤ ᠮᠡᠷᠭᠡᠨ ᠪᠤᠰᠤ ᠶᠠᠭᠤᠨ ᠪᠣᠢ ᠃

ᠪᠠᠭᠰᠢ ᠯᠤᠭ᠎ᠠ ᠰᠢᠳᠠᠷᠯᠠᠵᠤ ᠨᠥᠬᠥᠷ ᠯᠤᠭᠡ ᠨᠠᠶ᠋ᠢᠷᠠᠮᠲᠠᠨ ᠂
ᠪᠠᠯᠠᠢ ᠭᠡᠮᠡᠨ ᠠᠰᠠᠭᠤᠵᠤ ᠰᠡᠴᠡᠨ ᠭᠡᠮᠡᠨ ᠰᠣᠷᠣᠯᠲᠠᠢ ᠂
ᠪᠠᠭᠤᠷᠠᠢ ᠶ᠋ᠢ ᠲᠤᠰᠠᠯᠠᠵᠤ ᠬᠦᠴᠦᠷᠬᠡᠭ ᠊ᠢ ᠠᠷᠭᠠᠳᠠᠨ ᠂
ᠪᠠᠶᠠᠯᠢᠭ ᠴᠤ᠌ ᠶᠣᠰᠣᠯᠠᠯᠲᠠᠢ ᠦᠭᠡᠶ᠋ᠢᠭᠦᠦ ᠴᠦ᠍ ᠴᠡᠩᠭᠡᠯᠲᠡᠢ ᠃

ᠪᠢ ᠭᠡᠮᠡᠨ ᠭᠠᠶ᠋ᠢᠬᠠᠭᠤᠯᠬᠤ ᠪᠠᠷᠳᠠᠮ ᠵᠠᠩ ᠊ᠢ ᠬᠡᠭᠡᠯᠲᠡᠢ ᠂
ᠪᠢᠰᠢᠷᠡᠯᠲᠡᠢ ᠵᠥᠪᠰᠢᠶᠡᠮᠡᠷ ᠪᠣᠯᠭᠣᠮᠵᠢᠲᠠᠢ ᠪᠣᠯᠤᠭᠲᠤᠨ ᠂
ᠪᠢᠯᠢᠭ ᠡᠷᠳᠡᠮ ᠪᠠᠶᠠᠨ ᠨᠣᠶᠠᠨ ᠬᠡᠳᠦᠢ ᠡᠷᠬᠢᠮ ᠪᠣᠯᠪᠠᠴᠤ ᠂
ᠪᠡᠶ᠎ᠡ ᠳᠣᠣᠷ᠎ᠠ ᠰᠡᠳᠬᠢᠯ ᠬᠥᠩᠭᠡᠨ ᠶᠠᠪᠤᠪᠠᠰᠤ ᠵᠣᠬᠢᠮᠤᠢ ᠃

ᠭᠠᠶ᠋ᠢᠬᠠᠮᠰᠢᠬᠲᠤ ᠲᠤᠰᠠᠯᠠᠩ ᠊ᠢ ᠬᠦᠷᠲᠡᠭᠡᠭᠰᠡᠨ ᠪᠣᠯᠪᠠᠴᠤ ᠂
ᠬᠠᠷᠢᠭᠤᠯᠤᠨ ᠠᠴᠢᠯᠠᠬᠤ ᠶ᠋ᠢ ᠡᠷᠢᠵᠦ ᠶᠠᠭᠠᠬᠢᠨᠠᠮ ᠂
ᠭᠠᠪᠢᠶ᠎ᠠ ᠲᠠᠢ ᠬᠦᠴᠦᠨ ᠵᠢᠳᠬᠦᠯ ᠪᠠᠶ᠋ᠢᠭᠤᠯᠤᠭᠰᠠᠨ ᠪᠣᠯᠪᠠᠴᠤ ᠂
ᠭᠠᠶ᠋ᠢᠬᠠᠭᠤᠯᠤᠨ ᠡᠵᠡᠷᠬᠡᠵᠦ ᠡᠷᠡᠮᠰᠢᠵᠦ ᠶᠠᠭᠠᠬᠢᠨᠠᠮ ᠃

ᠬᠡᠷᠡᠭᠯᠡᠭᠳᠡ ᠪᠡᠷ ᠥᠷᠨᠢᠪᠡᠰᠦ ᠰᠢᠳᠤᠷᠭᠤ ᠪᠠᠷ ᠵᠢᠳᠬᠦᠵᠦ ᠂
ᠬᠢᠴᠢᠶᠡᠩᠭᠦᠢ ᠪᠣᠯᠭᠣᠮᠵᠢᠲᠠᠢ ᠪᠠᠷ ᠲᠤᠰᠠ ᠪᠤᠶᠠᠨ ᠲᠦᠭᠡᠭᠡᠯᠲᠡᠢ ᠂
ᠬᠡᠷᠡᠭ ᠦᠭᠡᠢ ᠡᠩ ᠦ᠋ᠨ ᠴᠠᠭ ᠲᠤᠷ ᠭᠡᠮ ᠦ᠋ᠳ ᠢ᠋ᠶ᠋ᠡᠨ ᠭᠡᠮᠰᠢᠵᠦ ᠂
ᠬᠡᠵᠢᠶᠡᠳᠡ ᠰᠢᠯᠤᠭᠤᠬᠠᠨ ᠬᠡᠪ ᠢ᠋ᠶ᠋ᠡᠨ ᠰᠠᠬᠢᠯᠲᠠᠢ ᠃

ᠤᠬᠠᠭᠠᠨ ᠤ᠋ ᠮᠡᠷᠭᠡᠨ ᠣᠨᠣᠯ ᠬᠡᠳᠦᠢ ᠬᠤᠷᠴᠠ ᠪᠣᠯᠪᠠᠴᠤ ᠂ 
ᠤᠰᠬᠠᠯ ᠢ᠋ᠶ᠋ᠠᠷ ᠨᠥᠬᠥᠷ ᠨᠠᠶ᠋ᠢᠵᠠ ᠲᠠᠲᠠᠪᠠᠰᠤ ᠵᠣᠬᠢᠮᠤᠢ ᠂
ᠣᠯᠠᠨ ᠨᠡᠶ᠋ᠢᠲᠡ ᠶ᠋ᠢᠨ ᠲᠤᠰᠠᠯᠠᠩ ᠊ᠢ ᠡᠷᠢᠬᠦ ᠪᠣᠯᠪᠠᠰᠤ ᠂
ᠣᠨᠴᠠ ᠪᠡᠶ᠎ᠡ ᠶ᠋ᠢᠨ ᠬᠡᠷᠡᠭ ᠦᠢᠯᠡᠰ ᠠᠶᠠᠨᠳᠠᠭᠠᠨ ᠪᠦᠲᠦᠮᠦᠢ ᠃

ᠡᠷᠡᠰ ᠪᠠᠲᠤ ᠢᠲᠡᠭᠡᠮᠵᠢᠲᠡᠢ ᠠᠬᠤᠭᠤᠯᠬᠤ ᠪᠣᠯᠪᠠᠰᠤ ᠂
ᠡᠷᠬᠢᠮ ᠨᠤᠲᠠ ᠵᠢᠷᠤᠮᠲᠠᠨ ᠢ᠋ᠶ᠋ᠠᠷ ᠨᠥᠬᠥᠷᠯᠡᠷ᠎ᠡ ᠢᠷᠡᠮᠦᠢ ᠂
ᠡᠭᠡᠨᠡᠭᠲᠡ ᠬᠠᠭᠤᠮᠠᠭᠠᠢ ᠪᠠᠷ ᠮᠡᠬᠡᠯᠡᠬᠦ ᠪᠣᠯᠪᠠᠰᠤ ᠂
ᠡᠨᠡᠷᠢᠵᠦ ᠲᠤᠰᠠᠯᠠᠬᠤ ᠬᠠᠨᠢ ᠨᠥᠬᠥᠷ ᠬᠠᠮᠢᠭ᠎ᠠ ᠃

ᠠᠳᠠᠭ ᠴᠠᠭ ᠤ᠋ᠨ ᠠᠮᠢᠲᠠᠨ ᠊ᠢ ᠠᠵᠢᠭᠯᠠᠵᠤ ᠦᠵᠡᠪᠡᠯ ᠂
ᠠᠬᠤᠢ ᠪᠦᠬᠦᠢ ᠠᠬ᠎ᠠ ᠳᠡᠭᠦᠦ ᠨᠠᠶ᠋ᠢᠷᠠᠮᠲᠠᠯ ᠦᠭᠡᠢ ᠠᠲᠠᠯ᠎ᠠ ᠂
ᠠᠷᠢᠬᠢ ᠮᠢᠬᠠᠨ ᠤ᠋ ᠰᠢᠯᠲᠠᠭᠠᠨ ᠢ᠋ᠶ᠋ᠠᠷ ᠪᠤᠰᠤᠳ ᠯᠤᠭ᠎ᠠ ᠠᠨᠳᠠᠯᠠᠨ ᠂
ᠠᠰᠤᠷᠤ ᠬᠤᠷᠴᠠ ᠬᠠᠲᠠᠭᠤᠵᠢᠯ ᠤ᠋ᠨ ᠲᠠᠩᠭᠠᠷᠢᠭ ᠊ᠢ ᠡᠪᠳᠡᠮᠦᠢ ᠃

ᠠᠩᠬ᠎ᠠ ᠴᠠᠭ ᠲᠤᠷ ᠠᠬ᠎ᠠ ᠳᠡᠭᠦᠦ ᠪᠠᠷᠢᠯᠳᠤᠬᠤ ᠤᠳᠠᠭ᠎ᠠ ᠂
ᠠᠨᠲᠠᠭᠠᠶ᠋ᠢᠯᠠᠨ ᠬᠠᠨᠢᠯᠠᠬᠤ ᠲᠤᠬᠠᠢ ᠤᠴᠢᠷ ᠶᠠᠭᠤᠨ ᠪᠣᠢ ᠂
ᠠᠰᠠᠷᠠᠯᠴᠠᠨ ᠲᠤᠰᠠᠯᠠᠬᠤ ᠰᠡᠳᠬᠢᠯ ᠦᠭᠡᠢ ᠪᠣᠯᠵᠤ ᠭᠡᠮᠡᠨ ᠂
ᠠᠭᠤᠤ ᠨᠢᠭᠲᠠ ᠲᠠᠩᠭᠠᠷᠢᠭ ᠊ᠢ ᠬᠠᠮᠢᠭ᠎ᠠ ᠳ᠋ᠤᠷ ᠬᠡᠭᠡᠮᠦᠢ ᠃

ᠦᠵᠡᠮᠡᠭᠴᠡ ᠰᠣᠨᠢᠷᠬᠠᠵᠤ ᠡᠶᠡᠪᠡᠷᠭᠦᠦ ᠶ᠋ᠢ ᠨᠢ ᠦᠵᠡᠪᠡᠯ ᠂
ᠥᠪᠡᠷ ᠦ᠋ᠨ ᠪᠡᠶ᠎ᠡ ᠢᠯᠠᠩᠭᠤᠶ᠎ᠠ ᠡᠷᠬᠢᠮᠯᠡᠬᠦ ᠮᠡᠲᠦ ᠰᠢᠭ ᠂
ᠤᠳᠠᠯ ᠦᠭᠡᠢ ᠵᠢᠭᠰᠢᠮᠵᠢᠯᠡᠨ ᠬᠠᠷᠰᠢᠯᠳᠤᠬᠤ ᠶ᠋ᠢ ᠨᠢ ᠪᠣᠳᠣᠪᠠᠯ
ᠥᠰᠢᠶᠡᠲᠡᠨ ᠳᠠᠶ᠋ᠢᠰᠤᠨ ᠠ᠋ᠴᠠ ᠳᠣᠣᠷᠠᠳᠠᠬᠤ ᠶᠠᠭᠤᠨ ᠪᠣᠢ ᠃

ᠠᠭᠤᠤ ᠰᠠᠢᠬᠠᠨ ᠠᠭᠠᠯᠢ ᠪᠠᠷ ᠡᠪᠰᠡᠯᠳᠦᠬᠦ ᠶ᠋ᠢᠨ ᠪᠠᠶ᠋ᠢᠲᠠᠯ ᠊ᠢ ᠂
ᠠᠮᠠᠷᠬᠠᠯᠠᠨ ᠨᠠᠶ᠋ᠢᠷᠠᠮᠲᠠᠵᠤ ᠬᠠᠩᠬᠤ ᠦᠭᠡᠢ ᠭᠠᠶ᠋ᠢᠬᠠᠮᠰᠢᠬ ᠂
ᠠᠪᠤᠷᠢ ᠮᠠᠭᠤ ᠠᠭᠠᠰᠢ ᠪᠠᠷ ᠡᠪᠳᠡᠷᠡᠬᠦ ᠶ᠋ᠢᠨ ᠲᠥᠯᠥᠪ ᠊ᠢ ᠂
ᠠᠮᠢᠳᠤ ᠪᠠᠷ ᠵᠠᠯᠭᠢᠪᠠᠴᠤ ᠴᠠᠳᠬᠤ ᠦᠭᠡᠢ ᠭᠤᠲᠤᠮᠰᠢᠭ ᠃

ᠪᠠᠶᠠᠨ ᠡᠷᠬᠢᠮ ᠨᠡᠷ᠎ᠡ ᠠᠰᠢᠭ ᠮᠠᠨᠳᠤᠵᠤ ᠪᠠᠶ᠋ᠢᠬᠤ ᠶ᠋ᠢᠨ ᠦᠶᠡᠰ ᠲᠦ᠍ ᠂
ᠪᠠᠭᠠᠰᠤᠨ ᠳ᠋ᠤᠷ ᠪᠠᠯᠪᠠᠪᠠᠴᠤ ᠰᠠᠶ᠋ᠢᠮᠰᠤᠷᠠᠬᠤ ᠶ᠋ᠢᠨ ᠠᠶᠠᠰᠲᠠᠢ ᠂
ᠪᠠᠭᠤᠷᠠᠵᠤ ᠦᠭᠡᠶ᠋ᠢᠭᠦᠷᠡᠨ ᠳᠣᠷᠣᠶ᠋ᠢᠲᠠᠬᠤ ᠶ᠋ᠢᠨ ᠬᠢᠷᠢ ᠳ᠋ᠦ᠍ᠷ ᠂
ᠪᠠᠯ ᠰᠢᠬᠢᠷ ᠰᠦᠷᠴᠢᠪᠡᠴᠦ ᠮᠠᠭᠤᠬᠠᠶ᠋ᠢᠯᠠᠬᠤ ᠮᠠᠶᠢᠬᠲᠠᠢ ᠃

ᠵᠢᠷᠭᠠᠯ ᠬᠢᠭᠡᠳ ᠵᠣᠪᠠᠯᠠᠩ ᠊ᠢ ᠨᠡᠶ᠋ᠢᠯᠡᠭᠦᠯᠦᠨ ᠰᠠᠨᠠᠵᠤ ᠂
ᠵᠢᠯ ᠪᠦᠷᠢ ᠰᠠᠷ᠎ᠠ ᠲᠤᠲᠤᠮ ᠨᠢᠭᠡᠨ ᠵᠠᠩ ᠊ᠢ ᠪᠠᠷᠢᠵᠤ ᠂
ᠵᠢᠮ᠎ᠡ ᠬᠣᠭᠣᠰᠣᠨ ᠬᠡᠯᠪᠡᠷᠢᠯ ᠢ᠋ᠶ᠋ᠡᠷ ᠥᠩᠭᠡ ᠨᠢᠭᠤᠷ ᠬᠥᠭᠡᠭᠡᠭᠴᠢ ᠂
ᠵᠡᠷᠭᠡᠯᠭᠡᠨ ᠪᠠ ᠵᠡᠭᠦᠳᠦᠨ ᠳ᠋ᠦ᠍ᠷ ᠠᠳᠠᠯᠢᠬᠠᠨ ᠬᠡᠮᠡᠮᠦᠢ ᠃

ᠥᠩᠭᠡ ᠦᠵᠡᠯ ᠵᠠᠰᠠᠪᠤᠷᠢ ᠶ᠋ᠢᠨ ᠬᠤᠳᠠᠯ ᠴᠢᠨᠠᠷ ᠪᠠᠷᠢᠵᠤ ᠂
ᠦᠭᠡᠶ᠋ᠢᠭᠦᠷᠡᠨ ᠭᠠᠴᠢᠭᠳᠠᠬᠤ ᠳᠣᠷᠣᠶ᠋ᠢᠲᠠᠯ ᠊ᠢ ᠰᠡᠷᠭᠡᠶ᠋ᠢᠯᠡ ᠂
ᠥᠪᠡᠷ᠎ᠡ ᠤᠪ ᠤ᠋ᠨ ᠬᠥᠪᠰᠥᠷ ᠪᠠᠷᠳᠠᠮ ᠬᠣᠬᠢᠷᠠᠯ ᠊ᠢ ᠵᠢᠭᠰᠢᠵᠦ ᠂ 
ᠦᠨᠳᠦᠰᠦᠨ ᠦ᠌ ᠬᠥᠷᠥᠩᠭᠡ ᠳ᠋ᠦ᠍ᠷ ᠴᠡᠩᠭᠡᠯᠳᠦᠬᠦ ᠬᠡᠷᠡᠭᠲᠡᠢ ᠃

ᠴᠢᠩᠭ᠎ᠠ ᠵᠣᠷᠢᠭ ᠡᠭᠦᠰᠬᠡᠵᠦ ᠬᠦᠴᠦᠯᠡᠬᠦ ᠶ᠋ᠢᠨ ᠣᠨᠣᠯ ᠳ᠋ᠤᠷ ᠂
ᠴᠢᠳᠠᠯ ᠥᠪᠯᠡᠯ ᠨᠡᠮᠡᠭᠲᠡᠵᠦ ᠪᠠᠶᠠᠯᠢᠭ ᠲᠤᠷ ᠣᠴᠢᠮᠤᠢ ᠂
ᠴᠢᠨᠠᠷ ᠦᠭᠡᠢ ᠥᠷᠢ ᠭᠡᠵᠦ ᠵᠢᠭᠡᠯᠡᠬᠦ ᠠᠯᠳᠠᠯ ᠢ᠋ᠶ᠋ᠠᠷ ᠂
ᠴᠢᠷᠦᠭᠲᠡᠬᠦ ᠵᠣᠪᠠᠯᠠᠩ ᠊ᠢ ᠭᠡᠷᠦᠨ ᠬᠠᠮᠲᠤ ᠠᠮᠰᠠᠮᠤᠢ ᠃

ᠠᠪᠤ ᠡᠵᠢ ᠶ᠋ᠢᠨ ᠬᠡᠰᠢᠭ ᠬᠠᠶ᠋ᠢᠷ᠎ᠠ ᠦᠨᠡᠨ ᠴᠠᠭᠠᠨ ᠥᠪ ᠮᠠᠯ ᠂
ᠠᠷᠪᠢᠳᠬᠠᠬᠤ ᠴᠢᠳᠠᠯ ᠦᠭᠡᠢ ᠪᠦᠷᠢᠯᠭᠡᠬᠦ ᠵᠠᠷᠢᠮ ᠦ᠋ᠳ ᠂
ᠠᠴᠢᠯᠠᠬᠤ ᠲᠡᠵᠢᠭᠡᠬᠦ ᠠᠷᠭ᠎ᠠ ᠬᠦᠴᠦᠨ ᠮᠣᠬᠣᠪᠠᠯ ᠂
ᠠᠯᠮᠠᠶ᠋ᠢᠲᠠᠵᠤ ᠠᠯᠳᠠᠷ ᠨᠡᠷ᠎ᠡ ᠵᠢᠷᠤᠮ ᠢ᠋ᠶ᠋ᠠᠨ ᠠᠯᠳᠠᠮᠤᠢ ᠃

ᠪᠠᠴᠢᠮᠳᠠᠬᠤ ᠶ᠋ᠢᠨ ᠰᠢᠯᠲᠠᠭᠠᠨ ᠢ᠋ᠶ᠋ᠠᠷ ᠬᠤᠳᠠᠯᠴᠢ ᠪᠠ ᠬᠤᠶᠠᠯᠢᠴᠢ ᠂
ᠪᠠᠰᠠ ᠪᠠᠬᠠᠨ ᠰᠢᠯᠲᠠᠪᠠᠯ᠎ᠠ ᠬᠤᠯᠠᠭᠠᠢ ᠪᠠ ᠳᠡᠭᠡᠷᠡᠮ ᠂
ᠪᠠᠰᠤᠭᠳᠠᠬᠤ ᠶ᠋ᠢᠨ ᠬᠠᠶ᠋ᠢᠷ᠎ᠠ ᠪᠠᠷ ᠪᠠᠭᠠᠲᠤᠷ ᠰᠢᠬ ᠶᠠᠪᠤᠵᠤ ᠂ 
ᠪᠠᠲᠤ ᠲᠥᠷᠥ ᠶ᠋ᠢᠨ ᠴᠠᠭᠠᠵᠠ ᠳ᠋ᠤᠷ ᠭᠢᠰᠭᠢᠭᠲᠡᠬᠦ ᠪᠣᠯᠤᠮᠤᠢ ᠃

ᠡᠷᠲᠡ ᠴᠠᠭ ᠤ᠋ᠨ ᠱᠦᠨ ᠬᠠᠭᠠᠨ ᠲᠠᠷᠢᠶᠠᠨ ᠊ᠢ ᠲᠠᠷᠢᠵᠤ ᠂
ᠡᠷᠬᠡᠰᠢᠶᠡᠯᠳᠦ ᠬᠤᠸᠠᠩ ᠲᠠᠶ᠋ᠢᠬᠡᠦ ᠪᠣᠯ ᠢᠯᠠᠮ᠎ᠠ ᠲᠡᠭᠦᠵᠦ ᠂
ᠡᠪᠦᠭᠡᠳ ᠊ᠢ ᠳᠠᠭᠤᠷᠢᠶᠠᠨ ᠡᠷᠲᠡ ᠶ᠋ᠢᠨ ᠡᠰᠢ ᠲᠠᠲᠠᠵᠤ ᠂
ᠢᠳᠡᠬᠦ ᠪᠠ ᠡᠮᠦᠰᠬᠦᠢ ᠳ᠋ᠦ᠍ᠷ ᠬᠦᠴᠦᠯᠡᠪᠡᠯ ᠵᠣᠬᠢᠮᠤᠢ ᠃

ᠡᠷᠡᠰ ᠢᠨᠦ ᠲᠠᠷᠢᠶᠠᠨ ᠳ᠋ᠤᠷ ᠬᠦᠴᠦᠯᠡᠬᠦ ᠪᠣᠯᠪᠠᠰᠤ ᠂
ᠢᠳᠡᠭᠡᠨ ᠢ᠋ᠶ᠋ᠡᠷ ᠡᠯᠪᠡᠭ ᠪᠣᠯᠤᠨ ᠡᠳ᠋ ᠦ᠋ᠨ ᠶᠡᠬᠡ ᠪᠠᠶᠠᠯᠢᠭ ᠪᠣᠢ ᠂
ᠡᠮᠡᠰ ᠢᠨᠦ ᠡᠮᠦᠰᠬᠦᠢ ᠳ᠋ᠦ᠍ᠷ ᠤᠷᠠᠯᠠᠬᠤ ᠪᠣᠯᠪᠠᠰᠤ ᠂
ᠡᠪᠦᠯ ᠵᠤᠨ ᠤ᠋ ᠳᠡᠪᠡᠯ ᠬᠤᠪᠴᠠᠰᠤ ᠴᠠᠭ ᠢ᠋ᠶ᠋ᠠᠷ ᠪᠡᠯᠡᠬᠡᠨ ᠃

ᠬᠤᠷᠢᠶᠠᠭᠰᠠᠨ ᠡᠯᠪᠡᠭ ᠵᠢᠯ ᠳ᠋ᠦ᠍ᠷ ᠬᠠᠳᠠᠭᠠᠯᠠᠨ ᠭᠠᠮᠨᠠᠵᠤ ᠂
ᠬᠣᠪᠣᠷ ᠴᠠᠭ ᠤ᠋ᠨ ᠦᠶᠡᠷ ᠭᠠᠩ ᠊ᠢ ᠰᠡᠷᠭᠡᠶ᠋ᠢᠯᠡᠬᠦ ᠬᠡᠷᠡᠭᠲᠡᠢ ᠂
ᠬᠣᠨᠵᠢᠯ ᠣᠯᠵᠠ ᠶᠡᠬᠡ ᠴᠠᠭ ᠲᠤᠷ ᠬᠤᠷᠢᠶᠠᠵᠤ ᠠᠷᠪᠢᠳᠬᠠᠨ ᠂
ᠬᠣᠵᠢᠮ ᠲᠤᠶ᠋ᠢᠯ ᠤ᠋ᠨ ᠮᠤᠬᠤᠷᠳᠠᠯ ᠳ᠋ᠤᠷ ᠤᠷᠢᠳ ᠠ᠋ᠴᠠ ᠪᠡᠯᠡᠳᠭᠡ ᠃

ᠳᠥᠷᠪᠡᠨ ᠳᠠᠯᠠᠢ ᠲᠠᠪᠤᠨ ᠮᠥᠷᠡᠨ ᠳᠥᠷᠪᠡᠯ ᠦᠭᠡᠢ ᠰᠠᠨᠰᠠᠷ ᠲᠤ᠌ ᠂
ᠲᠥᠷᠥ ᠱᠠᠵᠢᠨ ᠬᠣᠣᠰᠯᠠᠨ ᠠᠵᠤ ᠤᠯᠤᠰ ᠭᠡᠮᠡᠨ ᠨᠡᠷᠡᠶ᠋ᠢᠤᠠᠪᠡ ᠂
ᠲᠦᠮᠡᠨ ᠣᠨ ᠤ᠋ ᠴᠠᠭ ᠤ᠋ᠨ ᠪᠠᠶ᠋ᠢᠲᠠᠯ ᠵᠦᠢᠯ ᠢ᠋ᠶ᠋ᠡᠷ ᠬᠤᠪᠢᠰᠤᠮᠤᠢ ᠂
ᠲᠦᠪᠰᠢᠨ ᠵᠢᠷᠤᠮ ᠰᠠᠮᠠᠭᠤᠷᠠᠵᠤ ᠤᠯᠠᠷᠢᠬᠤ ᠶᠣᠰᠣ ᠊ᠶ  ‍ᠠ᠋ ᠃

ᠠᠷᠪᠠᠨ ᠵᠦᠭ ᠦ᠋ᠨ ᠶᠡᠬᠡ ᠣᠷᠣᠨ ᠲᠠᠪᠤᠨ ᠵᠧᠦ ᠶ᠋ᠢᠨ ᠳᠣᠲᠣᠷ᠎ᠠ ᠂
ᠠᠷᠠᠳ ᠤ᠋ᠨ ᠡᠷᠬᠡ ᠪᠠᠶ᠋ᠢᠭᠤᠯᠤᠭᠰᠠᠨ ᠨᠢᠭᠡᠨ ᠶᠡᠬᠡ ᠤᠯᠠᠷᠢᠯ ᠂
ᠠᠯᠳᠠᠷᠰᠢᠭᠰᠠᠨ ᠪᠤᠰᠤᠳ ᠤᠯᠤᠰ ᠠᠷᠪᠢᠨ ᠭᠡᠬᠦ ᠪᠣᠯᠪᠠᠴᠤ ᠂
ᠠᠩᠬᠠᠨ᠎ᠠ ᠮᠠᠨ ᠤ᠋ ᠤᠯᠤᠰ ᠳᠥᠷᠪᠡᠨ ᠳ᠋ᠦ᠋ᠩᠰᠢᠭᠤᠷ ᠬᠡᠮᠡᠮᠦᠢ ᠃

ᠢᠷᠭᠡᠨ ᠮᠠᠨᠵᠤ ᠮᠣᠩᠭᠣᠯ ᠬᠣᠲᠣᠩ ᠲᠥᠪᠡᠳ ᠠᠶ᠋ᠢᠮᠠᠭ ᠨᠡᠶ᠋ᠢᠲᠡ ᠪᠡᠷ ᠂
ᠢᠯᠡᠷᠬᠡᠶ᠋ᠢᠶ᠎ᠡ ᠡᠨᠡ ᠴᠠᠭ ᠤ᠋ᠨ ᠲᠠᠪᠤᠨ ᠶᠡᠬᠡ ᠤᠭᠰᠠᠭ᠎ᠠ ᠂
ᠡᠵᠡᠨ ᠡᠷᠬᠡ ᠪᠠᠭᠤᠷᠠᠵᠤ ᠨᠠᠮ ᠤ᠋ᠨ ᠬᠤᠷᠠᠯ ᠪᠣᠯᠤᠭᠠᠳ ᠂
ᠡᠷᠳᠡᠮᠲᠡᠨ ᠊ᠢ ᠡᠷᠭᠦᠮᠵᠢᠯᠡᠨ ᠠᠷᠠᠳ ᠤ᠋ᠨ ᠲᠥᠷᠥ ᠬᠡᠮᠡᠪᠡᠢ ᠃

ᠣᠷᠣᠨ ᠭᠠᠵᠠᠷ ᠳᠡᠯᠡᠬᠡᠢ ᠪᠡᠷ ᠴᠡᠷᠢᠭ ᠰᠡᠯᠲᠡ ᠳᠥᠭᠥᠷᠦᠨ ᠂
ᠤᠯᠤᠰ ᠪᠦᠬᠦᠨ ᠤᠯᠠᠭᠠᠨ ᠴᠠᠭᠠᠨ ᠬᠣᠶᠠᠷ ᠠᠩᠭᠢ ᠪᠣᠯᠤᠭᠠᠳ ᠂
ᠣᠭᠲᠠᠷᠭᠤᠢ ᠪᠠ ᠭᠠᠵᠠᠷ ᠢ᠋ᠶ᠋ᠠᠷ ᠬᠤᠷᠴᠠ ᠮᠡᠰᠡ ᠪᠦᠷᠬᠦᠵᠦ ᠂
ᠣᠯᠠᠨ ᠲᠦᠮᠡᠨ ᠪᠦᠭᠦᠳᠡᠭᠡᠷ ᠦᠢᠮᠡᠯᠳᠦᠬᠦ ᠪᠣᠯᠬᠤ ᠪᠣᠢ ᠃

ᠣᠷᠣᠨ ᠭᠠᠵᠠᠷ ᠡᠷᠬᠢᠯᠡᠬᠦ ᠲᠤᠰᠢᠶᠠᠯᠲᠠᠨ ᠲᠦᠰᠢᠮᠡᠳ ᠂
ᠤᠯᠤᠰ ᠭᠡᠷ ᠦ᠋ᠨ ᠪᠠᠭᠠᠨ᠎ᠠ ᠪᠠ ᠶᠡᠬᠡ ᠨᠢᠷᠤᠭᠤ ᠂
ᠣᠶᠤᠨ ᠬᠤᠷᠴᠠ ᠭᠣᠣᠯᠴᠢ ᠮᠡᠷᠭᠡᠨ ᠵᠢᠪᠬᠤᠯᠠᠩᠲᠤ ᠪᠣᠯᠪᠠᠴᠤ ᠂
ᠣᠯᠠᠨ ᠲᠦᠮᠡᠨ ᠠᠩᠬᠠᠷᠴᠤ ᠠᠮᠤᠭᠤᠯᠠᠩ ᠪᠣᠯᠤᠮᠤᠢ ᠃

ᠲᠦᠭᠰᠢᠭᠦᠷᠢᠲᠡᠢ ᠡᠨᠡ ᠴᠠᠭ ᠤ᠋ᠨ ᠡᠵᠡᠷᠬᠡᠭ ᠪᠠ ᠮᠡᠳᠡᠷᠬᠡᠭ ᠂
ᠲᠥᠷᠥ ᠶ᠋ᠢᠨ ᠡᠷᠬᠡ ᠪᠤᠯᠢᠶᠠᠯᠳᠤᠨ ᠲᠡᠮᠡᠴᠡᠯ ᠳ᠋ᠦ᠍ᠷ ᠬᠦᠷᠴᠦᠬᠦᠢ ᠂
ᠲᠦᠢᠪᠡᠭᠡᠯᠳᠦ ᠰᠠᠮᠠᠭᠤᠷᠠᠯ ᠦᠷᠭᠦᠯᠵᠢᠯᠡᠨ ᠲᠠᠭᠳᠠᠵᠤ ᠂
ᠲᠦᠮᠡᠨ ᠲᠦᠮᠡᠨ ᠪᠦᠭᠦᠳᠡᠭᠡᠷ ᠠᠶᠤᠯ ᠭᠠᠮᠰᠢᠭ ᠦᠵᠡᠪᠡ ᠃

ᠭᠠᠳᠠᠭᠠᠳᠤ ᠮᠣᠩᠭᠣᠯ ᠠᠶ᠋ᠢᠮᠠᠭ ᠴᠢᠭᠤᠯᠭᠠᠨ ᠪᠠ ᠬᠤᠰᠢᠭᠤᠳ ᠂
ᠬᠠᠨ ᠵᠠᠰᠠᠭ ᠬᠦᠩ ᠰᠠᠶ᠋ᠢᠳ ᠤ᠋ᠨ ᠪᠣᠱᠣᠭ ᠰᠤᠷᠲᠠᠯ ᠳᠡᠭᠡᠷᠡᠩᠭᠦᠢ ᠂
ᠬᠠᠷᠰᠢᠯᠳᠤᠬᠤ ᠴᠠᠭ ᠤ᠋ᠨ ᠪᠠᠶ᠋ᠢᠲᠠᠯ ᠬᠤᠪᠢᠰᠬᠠᠯ ᠊ᠢ ᠦᠵᠡᠵᠦ ᠂
ᠬᠠᠮᠤᠭ ᠮᠣᠩᠭᠣᠯ ᠤᠭᠰᠠᠭ᠎ᠠ ᠪᠠᠨ ᠲᠡᠳᠬᠦᠮᠵᠢᠯᠡᠨ ᠬᠠᠶ᠋ᠢᠷᠠᠯᠠᠯᠲᠤᠶ᠎ᠠ ᠃

ᠴᠢᠩᠭᠢᠰ ᠪᠣᠭᠳᠠ ᠶ᠋ᠢᠨ ᠦᠷᠡᠰ ᠭᠡᠮᠡᠨ ᠡᠷᠬᠡ ᠬᠦᠴᠦᠨ ᠮᠠᠨᠳᠤᠵᠤ ᠂
ᠴᠢᠳᠠᠯ ᠡᠷᠬᠡ ᠪᠤᠶᠠᠨ ᠴᠡᠩᠭᠡᠯ ᠡᠳᠦᠭᠡ ᠳ᠋ᠦ᠍ᠷ ᠬᠦᠷᠴᠦᠬᠦᠢ ᠂
ᠴᠢᠩ ᠪᠠᠲᠤ ᠦᠨᠳᠦᠰᠦᠨ ᠦ᠌ ᠰᠠᠯᠠᠭ᠎ᠠ ᠪᠠ ᠰᠠᠯᠪᠤᠷᠢ ᠂
ᠴᠢᠨᠠᠷ ᠬᠦᠨᠳᠦ ᠤᠭᠰᠠᠭ᠎ᠠ ᠪᠠᠨ ᠬᠦᠨᠳᠦᠳᠬᠡᠵᠦ ᠬᠠᠶ᠋ᠢᠷᠠᠯᠠ ᠃

ᠰᠦᠰᠦᠭ ᠪᠤᠶᠠᠨᠲᠤ ᠮᠠᠨ ᠤ᠋ ᠮᠣᠩᠭᠣᠯ ᠪᠡᠯᠴᠢᠭᠡᠷ ᠲᠦ᠍ ᠰᠢᠲᠦᠵᠦ ᠂
ᠰᠦᠷᠦᠭ ᠮᠠᠯ ᠤ᠋ᠨ ᠦᠷᠡᠵᠢᠯ ᠢ᠋ᠶ᠋ᠡᠷ ᠠᠮᠢᠳᠤᠷᠠᠯ ᠪᠣᠯᠤᠮᠤᠢ ᠂
ᠰᠦᠯᠳᠡ ᠲᠡᠭᠷᠢ ᠢᠪᠡᠭᠡᠵᠦ ᠬᠡᠰᠢᠭ ᠪᠤᠶᠠᠨ ᠬᠠᠶ᠋ᠢᠷᠠᠯᠠᠭᠰᠠᠨ ᠂
ᠰᠠᠭᠠᠬᠠᠯᠲᠠ ᠣᠯᠠᠨ ᠡᠶᠡᠰᠴᠦ ᠠᠶ᠋ᠢᠯ ᠠᠶ᠋ᠢᠮᠠᠭ ᠪᠣᠯᠤᠭᠰᠠᠨ ᠃

ᠮᠠᠭᠤ ᠵᠢᠰᠤᠷ ᠬᠣᠷᠣᠰᠤᠯᠳᠤ ᠬᠠᠷᠢᠳᠠᠨ ᠤ᠋ ᠡᠵᠡᠷᠬᠡᠭ ᠂
ᠮᠠᠨ ᠤ᠋ ᠮᠣᠩᠭᠣᠯ ᠪᠠᠭᠤᠷᠠᠬᠤ ᠶ᠋ᠢᠨ ᠴᠠᠭ ᠪᠣᠯᠤᠭᠠᠳ ᠂
ᠮᠠᠰᠢ ᠬᠣᠪᠳᠣᠭ ᠤᠷᠠᠨ ᠠᠷᠭ᠎ᠠ ᠮᠡᠬᠡ ᠶ᠋ᠢ ᠬᠡᠷᠡᠭᠯᠡᠨ ᠂
ᠮᠠᠭᠠᠳ ᠢ᠋ᠶ᠋ᠠᠷ ᠡᠵᠡᠯᠡᠬᠦ ᠶ᠋ᠢᠨ ᠲᠣᠬᠢᠶᠠᠯ ᠳ᠋ᠤᠷ ᠭᠥᠷᠥᠴᠦᠬᠦᠢ ᠃

ᠬᠠᠷᠢ ᠶ᠋ᠢᠨ ᠬᠠᠷᠭᠢᠰ ᠣᠶ᠋ᠢᠷᠠᠲᠤᠪᠠᠯ ᠬᠣᠣᠷᠯᠠᠯ ᠳᠠᠶ᠋ᠢᠰᠤᠨ ᠪᠣᠯᠤᠮᠤᠢ ᠂
ᠭᠠᠵᠠᠷ ᠣᠷᠣᠨ ᠴᠢᠬᠤᠯᠳᠠᠪᠠᠯ ᠠᠷᠠᠳ ᠦᠯᠦ ᠲᠣᠭᠲᠠᠮᠤᠢ ᠂
ᠬᠠᠮᠤᠭ ᠲᠦᠮᠡᠨ ᠦᠢᠮᠡᠪᠡᠰᠦ ᠬᠠᠮᠲᠤ ᠵᠣᠪᠠᠯ ᠠᠮᠰᠠᠮᠤᠢ ᠂
ᠬᠠᠶ᠋ᠢᠷᠠᠨ ᠣᠯᠠᠨ ᠠᠷᠠᠳ ᠢ᠋ᠶ᠋ᠠᠨ ᠬᠠᠮᠠᠭᠠᠯᠠᠨ ᠬᠠᠶ᠋ᠢᠷᠠᠯᠠᠯᠲᠤᠶ᠎ᠠ ᠃

ᠠᠯᠪᠠ ᠥᠷᠢ ᠶ᠋ᠢ ᠥᠰᠬᠡᠵᠦ ᠬᠥᠷᠥᠩᠭᠡ ᠶ᠋ᠢ ᠬᠣᠷᠣᠭᠠᠨ ᠂
ᠠᠷᠠᠳ ᠊ᠢ ᠪᠤᠯᠢᠶᠠᠵᠤ ᠦᠢᠮᠡᠭᠡᠨ ᠊ᠢ ᠳᠡᠭᠳᠡᠭᠡᠨ ᠂
ᠠᠷᠭ᠎ᠠ ᠪᠠᠰᠢᠷ ᠡᠭᠦᠰᠬᠡᠵᠦ ᠠᠰᠢᠭ ᠡᠳ᠋ ᠪᠤᠯᠢᠶᠠᠭᠴᠢ ᠂
ᠠᠶᠤᠮᠰᠢᠭᠲᠤ ᠵᠣᠪᠠᠯᠠᠩ ᠊ᠢ ᠨᠢᠮᠭᠡᠳᠬᠡᠵᠦ ᠬᠠᠶ᠋ᠢᠷᠠᠯᠠ ᠃

ᠬᠣᠣᠷᠯᠠᠯᠲᠠᠨ ᠊ᠢ ᠭᠡᠶ᠋ᠢᠰᠭᠡᠵᠦ ᠬᠤᠯᠠᠭᠠᠢ ᠶ᠋ᠢ ᠠᠷᠢᠯᠭ᠎ᠠ ᠂
ᠬᠤᠭᠤᠴᠠᠭ᠎ᠠ ᠶ᠋ᠢ ᠠᠯᠳᠠᠷᠠᠭᠠᠵᠤ ᠭᠤᠪᠴᠢᠭᠤᠷ ᠊ᠢ ᠬᠥᠩᠭᠡᠳᠬᠡ ᠂
ᠬᠣᠯᠠᠳᠠᠬᠢ ᠶ᠋ᠢ ᠬᠤᠷᠢᠶᠠᠵᠤ ᠣᠶ᠋ᠢᠷᠲᠠᠬᠢ ᠶ᠋ᠢ ᠳᠠᠪᠰᠢᠭᠤᠯ ᠂
ᠬᠠᠤᠯᠢ ᠳᠦᠷᠢᠮ ᠴᠠᠭᠠᠵᠠ ᠊ᠢ ᠠᠬᠤᠶ᠋ᠢᠯᠠᠨ ᠬᠠᠶ᠋ᠢᠷᠠᠯᠠ ᠃

ᠡᠷᠳᠡᠮ ᠢ᠋ᠶ᠋ᠡᠷ ᠤᠳᠤᠷᠢᠳᠴᠤ ᠡᠨᠲᠡᠭᠲᠡᠯ ᠊ᠢ ᠠᠯᠳᠠᠷᠠᠭᠠᠨ ᠂
ᠡᠷᠬᠡ ᠬᠦᠴᠦᠨ ᠊ᠢ ᠬᠤᠷᠴᠠᠳᠬᠠᠵᠤ ᠡᠷᠡᠭᠦᠦ ᠬᠣᠣᠷ ᠊ᠢ ᠬᠥᠩᠭᠡᠯᠡ ᠂
ᠡᠨᠡᠷᠢᠯᠲᠦ ᠵᠠᠰᠠᠭ ᠢ᠋ᠶ᠋ᠠᠷ ᠢᠷᠭᠡᠨ ᠢ᠋ᠶ᠋ᠡᠨ ᠲᠡᠳᠬᠦᠪᠡᠯ ᠂
ᠡᠴᠢᠭᠡ ᠡᠬᠡ ᠨᠣᠶᠠᠨ ᠭᠡᠮᠡᠨ ᠡᠷᠭᠦᠭᠲᠡᠬᠦ ᠪᠥᠯᠥᠭᠡ ᠃

ᠭᠠᠭᠴᠠ ᠪᠥᠭᠡᠳ ᠥᠨᠥᠴᠢᠨ ᠪᠠ ᠭᠣᠣᠨᠢ ᠪᠡᠯᠪᠡᠰᠦᠨ ᠂
ᠭᠠᠰᠠᠯᠠᠩᠲᠤ ᠶᠢᠷᠲᠡᠴᠦᠰ ᠦ᠋ᠨ ᠳᠥᠷᠪᠡᠯ ᠦᠭᠡᠢ ᠶᠠᠳᠠᠭᠤ ᠂
ᠬᠠᠶ᠋ᠢᠷ᠎ᠠ ᠬᠡᠰᠢᠭ ᠦᠯᠡᠳᠡᠭᠡᠵᠦ ᠠᠰᠠᠷᠠᠯ ᠊ᠢ ᠦᠢᠯᠡᠳᠪᠡᠯ ᠂
ᠬᠠᠮᠤᠭ ᠲᠦᠮᠡᠨ ᠪᠢᠰᠢᠷᠡᠵᠦ ᠬᠤᠷᠢᠶᠠᠭᠳᠠᠨ ᠢᠷᠡᠮᠦᠢ ᠃

ᠵᠢᠤᠠᠬᠦᠮᠵᠢᠲᠡᠢ ᠶᠠᠪᠤᠭᠴᠢᠳ ᠊ᠢ ᠥᠷᠨᠢᠭᠦᠯᠦᠨ ᠱᠠᠩᠨᠠᠵᠤ ᠂
ᠵᠢᠭᠰᠢᠭᠦᠷᠢᠲᠡᠢ ᠶᠠᠪᠤᠭᠴᠢᠳ ᠊ᠢ ᠵᠠᠯᠬᠠᠭᠠᠬᠤ ᠪᠣᠯᠪᠠ ‍ᠤᠤ ᠂
ᠵᠢᠷᠤᠮᠲᠠᠨ ᠊ᠢ ᠰᠠᠶ᠋ᠢᠰᠢᠶᠠᠵᠤ ᠡᠷᠳᠡᠮᠲᠡᠨ ᠊ᠢ ᠡᠷᠭᠦᠪᠡᠯ ᠂
ᠵᠢᠪᠬᠤᠯᠠᠩᠲᠤ ᠡᠷᠬᠡ ᠬᠦᠴᠦᠨ ᠴᠤᠭᠯᠠᠷᠠᠵᠤ ᠮᠠᠨᠳᠤᠮᠤᠢ ᠃

ᠬᠣᠪᠴᠢ ᠵᠢᠰᠤᠷ ᠪᠠᠲᠤ ᠦᠭᠡᠢ ᠳᠡᠭᠡᠷᠡᠩᠬᠡᠢ ᠵᠠᠷᠤᠳᠠᠰᠤ ᠂
ᠬᠤᠳᠠᠯ ᠪᠢᠰᠢᠷ ᠬᠤᠪᠢᠰᠤᠭᠴᠢ ᠶ᠋ᠢ ᠲᠤᠩᠭᠠᠬᠤ ᠪᠣᠯᠪᠠ ‍ᠤᠤ ᠂
ᠬᠤᠳᠬᠤᠬᠤ ᠪᠠ ᠬᠣᠴᠢᠯᠠᠬᠤ ᠪᠢᠯᠲᠠᠤᠠᠴᠢ ᠬᠥᠮᠦᠨ ᠊ᠢ ᠂
ᠬᠣᠯᠠ ᠪᠣᠯᠭᠠᠨ ᠲᠡᠪᠴᠢᠪᠡᠰᠦ ᠤᠷᠰᠢᠭ ᠦᠯᠦ ᠭᠠᠷᠤᠮᠤᠢ ᠃

ᠠᠯᠳᠠᠭᠳᠠᠬᠤ ᠭᠡᠨᠡᠳᠡᠬᠦ ᠣᠰᠣᠯᠳᠠᠬᠤ ᠠᠯᠢᠨ ᠊ᠢ ᠂
ᠠᠩᠬ᠎ᠠ ᠠ᠋ᠴᠠ ᠴᠢᠩᠳᠠᠯᠠᠵᠤ ᠤᠬᠠᠭᠤᠯᠬᠤ ᠪᠣᠯᠪᠠ ‍ᠤᠤ ᠂
ᠠᠪᠤᠷᠠᠭᠰᠠᠨ ᠠᠯᠳᠠᠷᠰᠢᠵᠤ ᠡᠷᠡᠮᠰᠢᠬᠦ ᠪᠣᠯᠪᠠᠰᠤ ᠂
ᠠᠶᠤᠬᠤ ᠪᠠ ᠭᠡᠮᠰᠢᠬᠦ ᠶ᠋ᠢ ᠤᠮᠠᠷᠲᠠᠬᠤ ᠪᠣᠯᠤᠮᠤᠢ ᠃

ᠲᠡᠮᠳᠡᠭ ᠦᠭᠡᠢ ᠤᠴᠢᠷ ᠡᠪᠯᠡᠭᠦᠯᠵᠦ ᠵᠣᠬᠢᠶᠠᠨ ᠂
ᠲᠡᠮᠡᠴᠡᠬᠦ ᠵᠠᠭᠠᠯᠳᠤᠬᠤ ᠶ᠋ᠢ ᠴᠥᠭᠡᠳᠬᠡᠬᠦ ᠪᠣᠯᠪᠠ ‍ᠤᠤ ᠂
ᠲᠡᠰᠬᠡᠯ ᠦᠭᠡᠢ ᠬᠢᠯᠢᠰᠳᠡᠨ ᠦ᠌ ᠮᠤᠰᠬᠢᠬᠤ ᠶ᠋ᠢ ᠴᠠᠭᠠᠳᠬᠠᠨ ᠂
ᠲᠡᠭᠦᠨᠴᠢᠯᠡᠨ ᠵᠠᠷᠭᠤ ᠵᠠᠯᠢ ᠶ᠋ᠢ ᠪᠠᠶ᠋ᠢᠯᠭᠠᠪᠠᠰᠤ ᠵᠣᠬᠢᠮᠤᠢ ᠃

ᠬᠠᠮᠤᠭ ᠮᠠᠭᠤ ᠴᠠᠭ ᠤ᠋ᠨ ᠲᠦᠪᠳᠡᠯ ᠦᠭᠡᠢ ᠵᠠᠷᠢᠮ ᠦ᠋ᠳ ᠂
ᠬᠠᠲᠠᠭᠤ ᠣᠮᠣᠭ ᠢ᠋ᠶ᠋ᠠᠷ ᠬᠣᠷᠣᠰᠤᠯ ᠊ᠢ ᠵᠠᠩᠭᠢᠳᠤᠮᠤᠢ ᠂
ᠬᠠᠪᠢ ᠪᠠᠷ ᠦᠳᠲᠡᠷ ᠬᠣᠭᠣᠷᠣᠨᠳᠣ ᠲᠡᠮᠡᠴᠡᠯ ᠊ᠢ ᠡᠭᠦᠰᠬᠡᠨ ᠂
ᠬᠠᠭᠠᠴᠠᠯᠳᠤᠨ ᠬᠥᠨᠥᠭᠡᠭᠲᠡᠬᠦ ᠰᠢᠯᠲᠠᠭᠠᠨ ᠳ᠋ᠤᠷ ᠬᠥᠷᠥᠮᠦᠢ ᠃

ᠶᠠᠯᠢᠯ ᠦᠭᠡᠢ ᠶᠠᠪᠤᠳᠠᠯ ᠳ᠋ᠤᠷ ᠬᠦᠯᠢᠴᠡᠬᠦ ᠦᠭᠡᠢ ᠪᠡᠷ ᠂
ᠶᠠᠮᠤ ᠲᠥᠷᠥ ᠶ᠋ᠢᠨ ᠡᠭᠦᠳᠡᠨ ᠳ᠋ᠦ᠍ᠷ ᠰᠢᠭᠦᠬᠦᠯᠭᠡᠶ᠎ᠡ ᠬᠡᠮᠡᠮᠦᠢ ᠂
ᠶᠠᠰᠤ ᠮᠢᠬ᠎ᠠ ᠬᠡᠮᠬᠡᠷᠡᠵᠦ ᠭᠠᠴᠢᠭᠳᠠᠯ ᠳ᠋ᠤᠷ ᠬᠦᠷᠬᠦᠯ᠎ᠡ ᠂
ᠶᠠᠭᠤᠨ ᠊ᠢ ᠡᠷᠢᠪᠡᠴᠦ ᠪᠣᠯᠬᠤ ᠦᠭᠡᠢ ᠲᠥᠯᠥᠪᠲᠡᠢ ᠃

ᠵᠠᠷᠭᠤ ᠵᠠᠯᠢ ᠡᠭᠦᠰᠬᠡᠵᠦ ᠠᠮᠠ ᠨᠢᠭᠤᠷ ᠲᠤᠯᠤᠯᠴᠠᠨ ᠂
ᠵᠠᠩᠳᠤᠷᠬᠤ ᠵᠠᠨᠤᠭᠤᠯᠬᠤ ᠭᠥᠪᠰᠢᠭᠦᠯᠬᠦ ᠶ᠋ᠢᠨ ᠳᠡᠭᠡᠷ᠎ᠡ ᠂
ᠵᠠᠪᠰᠢᠶᠠᠨ᠎ᠠ ᠤᠨᠤᠪᠠᠴᠤ ᠨᠢᠭᠡᠨ ᠦᠭᠡᠨ ᠦ᠌ ᠲᠡᠳᠦᠢ ᠳ᠋ᠦ᠍ᠷ ᠂
ᠵᠠᠭᠤᠨ ᠵᠦᠢᠯ ᠦ᠋ᠨ ᠰᠢᠳᠬᠡᠯ ᠢ᠋ᠶ᠋ᠡᠷ ᠦᠷᠡᠭᠲᠡᠬᠦ ᠪᠢᠰᠢ ‍ᠦᠦ ︖

ᠬᠣᠶᠠᠷ ᠬᠥᠮᠦᠨ ᠲᠡᠮᠡᠴᠡᠬᠦ ᠮᠥᠨ ᠪᠤᠰᠤ ᠶ᠋ᠢᠨ ᠬᠡᠷᠡᠭ ᠲᠦ᠍ᠷ ᠂
ᠬᠣᠯᠢᠴᠠᠯᠳᠤᠨ ᠨᠣᠴᠣᠭᠳᠠᠬᠤ ᠭᠡᠷᠡᠴᠢ ᠪᠠ ᠬᠥᠨᠳᠡᠯᠡᠨ ᠂
ᠬᠣᠯᠪᠣᠭᠳᠠᠬᠤ ᠵᠣᠪᠠᠯᠠᠩ ᠊ᠢ ᠪᠦᠭᠦᠳᠡᠭᠡᠷ ᠠᠮᠰᠠᠭᠠᠳ ᠂
ᠬᠣᠶ᠋ᠢᠴᠢ ᠡᠳᠦᠷ ᠬᠣᠷᠣᠰᠤᠯ ᠤ᠋ᠨ ᠬᠠᠷᠢᠶᠠᠯ ᠊ᠢ ᠬᠦᠷᠲᠡᠮᠦᠢ ᠃

ᠤᠯᠤᠰ ᠭᠡᠷᠦᠨ ᠶᠠᠪᠤᠳᠠᠯ ᠪᠠ ᠲᠥᠷᠥ ᠶ᠋ᠢᠨ ᠠᠯᠪᠠ ᠶ᠋ᠢ ᠂
ᠣᠯᠢᠭ ᠦᠭᠡᠢ ᠳᠣᠣᠷᠠᠳᠤᠰ ᠤ᠋ᠨ ᠰᠢᠭᠦᠮᠵᠢᠯᠡᠯ ᠪᠤᠰᠤ ᠴᠤ᠌ ᠂
ᠣᠯᠠᠨ ᠨᠡᠶ᠋ᠢᠲᠡ ᠶ᠋ᠢᠨ ᠲᠤᠰᠠ ᠬᠣᠣᠷ ᠲᠤᠷ ᠬᠣᠯᠪᠣᠭᠳᠠᠬᠤ ᠪᠣᠯᠬᠤᠯ᠎ᠠ ᠂
ᠤᠳᠬ᠎ᠠ ᠴᠢᠨᠠᠷ ᠨᠡᠶ᠋ᠢᠯᠡᠭᠦᠯᠵᠦ ᠬᠡᠳᠦᠨ ᠵᠤᠷᠪᠤᠰ ᠪᠡᠴᠡᠪᠡ ᠃

ᠪᠠᠭᠤᠷᠠᠬᠤ ᠶ᠋ᠢᠨ ᠤᠯᠠᠷᠢᠯ ᠢ᠋ᠶ᠋ᠠᠷ ᠴᠠᠭ ᠤ᠋ᠨ ᠪᠠᠶ᠋ᠢᠲᠠᠯ ᠬᠤᠪᠢᠰᠤᠨ ᠂
ᠪᠠᠲᠤ ᠲᠥᠷᠥ ᠶ᠋ᠢᠨ ᠬᠡᠯᠬᠢᠶᠡᠰᠦ ᠠᠯᠳᠠᠷᠠᠭᠰᠠᠨ ᠡᠭᠦᠨ ᠊ᠢ ᠂
ᠪᠠᠭᠰᠢ ᠮᠠᠷᠠᠭᠡᠳ ᠲᠦᠪᠰᠢᠳᠬᠡᠵᠦ ᠦᠯᠦ ᠪᠣᠯᠬᠤ ᠠᠲᠠᠯ᠎ᠠ ᠂
ᠪᠠᠯᠠᠢ ᠮᠤᠩᠬᠠᠭ ᠮᠢᠨᠦ ᠮᠡᠲᠦᠰ ᠪᠠᠴᠢᠮᠳᠠᠭᠰᠠᠨ ᠭᠤᠲᠤᠮᠰᠢᠭ ᠃

   ᠦᠰᠦᠭ ᠠᠮᠢᠯᠠᠭᠤᠯᠤᠭᠴᠢ ᠄ ᠱᠠᠨᠰᠠᠯ
   ᠬᠢᠨᠠᠭᠴᠢ ᠄ ᠣᠤᠠᠬᠠᠨᠰᠣ ‍ᠠ᠋