ᠡᠨᠡᠬᠡᠢ-ᠥ᠊ ∙ ᠪᠣᠬᠢᠰᠢᠷᠭ᠎ᠠЭэнээхэй-Ө.Бохьшарга
ᠡᠨᠡᠬᠡᠢ
ᠦᠭᠡ
᠄ ᠲ · ᠡᠷᠳᠡᠨᠢᠴᠢᠯᠠᠭᠤᠨ
ᠠᠶ᠎ᠠ
᠄ ᠦ · ᠪᠣᠬᠢᠰᠢᠷᠭ᠎ᠠ
ᠳᠠᠭᠤᠴᠢᠨ
᠄ ᠦ · ᠪᠣᠬᠢᠰᠢᠷᠭ᠎ᠠ
ᠡᠵᠢ ᠠᠪᠤ ᠳ᠋ᠠᠭᠠᠨ ᠬᠡᠯᠡᠯ ᠦᠭᠡᠢ
ᠨᠢᠭᠤᠵᠤ
ᠬᠠᠢᠷᠠᠯᠠᠭᠰᠠᠨ ᠡᠨᠡᠬᠡᠢ
ᠡᠩᠬᠦᠷᠡᠢ ᠤᠶᠠᠬᠠᠨ
ᠠᠭᠠᠰᠢ ᠪᠠᠷ ᠶ᠋ᠢᠡᠨ
ᠨᠤᠲᠤᠭ ᠤ᠋ᠨ ᠬᠥᠭᠡᠷᠦᠬᠦᠨ ᠡᠨᠡᠬᠡᠢ
ᠠᠶᠠᠯᠤᠭᠠᠳ
ᠰᠠᠭᠤᠳᠠᠭ ᠠᠶᠠᠯᠭᠤᠨ ᠳ᠋ᠠᠭᠠᠨ
ᠠᠷᠠᠳ ᠤ᠋ᠨ ᠳᠠᠭᠤᠤ ᠰᠢᠭ᠋ ᠡᠨᠡᠬᠡᠢ
ᠠᠮᠠᠷᠠᠭ ᠰᠡᠳᠬᠢᠯ ᠊ᠢ ᠪᠤᠯᠢᠶᠠᠭᠰᠠᠨ
ᠠᠯᠠᠭ ᠨᠢᠳᠦᠨ ᠡᠨᠡᠬᠡᠢ
ᠦᠶ᠎ᠡ ᠶ᠋ᠢᠨ ᠣᠯᠠᠨ ᠵᠠᠯᠠᠭᠤᠰ ᠤ᠋ᠨ
ᠰᠡᠳᠬᠢᠯ ᠭᠡᠵᠢᠭᠡᠳᠡᠭᠰᠡ ᠡᠨᠡᠬᠡᠢ
ᠦᠶᠡᠷᠬᠡᠵᠦ ᠳᠠᠰᠢᠭᠰᠠᠨ ᠬᠠᠶ᠋ᠢᠷᠠᠨ ᠳ᠋ᠠᠭᠠᠨ
ᠰᠡᠮᠬᠡᠨ ᠲᠢᠭ ᠡᠨᠡᠬᠡᠢ
ᠠᠶᠠᠯᠤᠭᠠᠳ
ᠰᠠᠭᠤᠳᠠᠭ ᠠᠶᠠᠯᠭᠤᠨ ᠳ᠋ᠠᠭᠠᠨ
ᠠᠷᠠᠳ ᠤ᠋ᠨ ᠳᠠᠭᠤᠤ ᠰᠢᠭ᠋ ᠡᠨᠡᠬᠡᠢ
ᠠᠮᠠᠷᠠᠭ ᠰᠡᠳᠬᠢᠯ ᠊ᠢ ᠪᠤᠯᠢᠶᠠᠭᠰᠠᠨ
ᠠᠯᠠᠭ ᠨᠢᠳᠦᠨ ᠡᠨᠡᠬᠡᠢ
ᠰᠠᠯᠠᠭ᠎ᠠ
ᠬᠠᠷᠠᠬᠠᠨ ᠭᠡᠵᠢᠭᠡ ᠳ᠋ᠡᠭᠡᠨ
ᠴᠡᠴᠡᠭ ᠦ᠋ᠨ ᠠᠯᠴᠢᠭᠤᠷ ᠲᠠᠢ ᠡᠨᠡᠬᠡᠢ
ᠰᠠᠢᠬᠠᠨ ᠲᠥᠷᠬᠦ ᠪᠡᠷ ᠢ᠋ᠶ᠋ᠡᠨ ᠭᠠᠶ᠋ᠢᠬᠠᠭᠤᠯᠤᠭᠰᠠᠨ
ᠴᠡᠩᠭᠡᠯᠲᠦ ᠨᠠᠰᠤᠨ ᠤ᠋ ᠡᠨᠡᠬᠡᠢ
ᠠᠶᠠᠯᠤᠭᠠᠳ
ᠰᠠᠭᠤᠳᠠᠭ ᠠᠶᠠᠯᠭᠤᠨ ᠳ᠋ᠠᠭᠠᠨ
ᠠᠷᠠᠳ ᠤ᠋ᠨ ᠳᠠᠭᠤᠤ ᠰᠢᠭ᠋ ᠡᠨᠡᠬᠡᠢ
ᠠᠮᠠᠷᠠᠭ ᠰᠡᠳᠬᠢᠯ ᠊ᠢ ᠪᠤᠯᠢᠶᠠᠭᠰᠠᠨ
ᠠᠯᠠᠭ ᠨᠢᠳᠦᠨ ᠡᠨᠡᠬᠡᠢ
ᠠᠶᠠᠯᠤᠭᠠᠳ
ᠰᠠᠭᠤᠳᠠᠭ ᠠᠶᠠᠯᠭᠤᠨ ᠳ᠋ᠠᠭᠠᠨ
ᠠᠷᠠᠳ ᠤ᠋ᠨ ᠳᠠᠭᠤᠤ ᠰᠢᠭ᠋ ᠡᠨᠡᠬᠡᠢ
ᠠᠮᠠᠷᠠᠭ ᠰᠡᠳᠬᠢᠯ ᠊ᠢ ᠪᠤᠯᠢᠶᠠᠭᠰᠠᠨ
ᠠᠯᠠᠭ ᠨᠢᠳᠦᠨ ᠡᠨᠡᠬᠡᠢ
ᠢᠷᠡᠯᠲᠡ ᠄ ᠬᠡᠶ᠋ᠢᠮᠣᠷᠢ ᠰᠦᠯᠵᠢᠶ᠎ᠡ
ᠦᠰᠦᠭ ᠬᠠᠲᠠᠭᠰᠠ ᠨᠢ ᠄ ᠪᠦᠷᠢᠨ
ᠬᠢᠨᠠᠭᠴᠢ ᠄ ᠪᠠᠶᠠᠷᠴᠡᠴᠡᠭ · ᠣᠳᠬᠤᠩᠬᠤᠸᠠᠷ
