ᠡᠯᠡᠰᠦ ᠮᠠᠩᠬᠠᠨ ᠪ ᠡᠬᠡ ᠨᠤᠲᠤᠭ – ᠨᠠ᠊ ᠂ ᠰᠠᠶ᠋ᠢᠨᠴᠣᠭᠲᠣ Элс манхны эх нутаг – На ᠂ Сайнцогт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠯᠡᠰᠦ ᠮᠠᠩᠬᠠᠨ ᠪ ᠡᠬᠡ ᠨᠤᠲᠤᠭ – ᠨᠠ᠊ ᠂ ᠰᠠᠶ᠋ᠢᠨᠴᠣᠭᠲᠣ Элс манхны эх нутаг – На ᠂ Сайнцогт

ᠡᠯᠡᠰᠦ ᠮᠠᠩᠬᠠᠨ ᠪ ᠡᠬᠡ ᠨᠤᠲᠤᠭ – ᠨᠠ᠊ ᠂ ᠰᠠᠶ᠋ᠢᠨᠴᠣᠭᠲᠣ Элс манхны эх нутаг – На ᠂ Сайнцогт

2023-04-28

775

ᠡᠯᠡᠰᠦ ᠮᠠᠩᠬᠠᠨ ᠪ ᠡᠬᠡ ᠨᠤᠲᠤᠭ


                  ᠡᠯᠡᠰᠦ ᠮᠠᠩᠬᠠᠨ ᠪ ᠡᠬᠡ ᠨᠤᠲᠤᠭ (1)  

                 ᠨᠠ᠊ ᠂ ᠰᠠᠶ᠋ᠢᠨᠴᠣᠭᠲᠣ  

 ᠠᠯᠲᠠᠨ ᠰᠢᠷᠭᠠᠯ ᠡᠯᠡᠰᠦ ᠮᠢᠨᠢ  
 ᠠᠪᠤ ᠡᠵᠢ ᠶ᠋ᠢᠨ ᠨᠤᠲᠤᠭ ᠃  
 ᠠᠷᠠᠳ ᠲᠦᠮᠡᠨ ᠪᠢᠲᠡᠨ ᠪ  
 ᠠᠰᠢᠲᠠ ᠶ᠋ᠢᠨ ᠵᠠᠶᠠᠭᠠᠭᠰᠠᠨ ᠣᠷᠣᠨ ᠃  
 
 ᠡᠷᠲᠡ ᠳᠡᠭᠡᠳᠦᠰ ᠡᠪᠦᠭᠡᠳ ᠦ᠋ᠨ  
 ᠶᠠᠰᠤ ᠪᠠᠨ ᠣᠷᠣᠰᠢᠭᠤᠯᠤᠭᠰᠠᠨ ᠰᠢᠷᠣᠢ ᠃  
 ᠡᠬᠡ ᠣᠷᠣᠨᠴᠢ ᠪᠠᠭᠠᠲᠤᠷ ᠦ᠋ᠳ ᠦ᠋ᠨ 
 ᠴᠢᠰᠤ ᠪᠠᠨ ᠰᠢᠩᠭᠡᠭᠡᠭᠰᠡᠨ ᠭᠠᠵᠠᠷ ᠃ 

 ᠬᠠᠪᠤᠷ ᠦ᠋ᠨ ᠳᠤᠯᠠᠭᠠᠨ ᠨᠠᠷᠠᠨ  ᠳ᠋ᠤ᠌
 ᠠᠷᠭᠠᠯ ᠶ᠋ᠢᠠᠨ  ᠲᠡᠭᠦᠳᠡᠭ ᠬᠣᠩᠬᠣᠷ ᠦ᠋ᠳ ᠮᠢᠨᠢ
 ᠨᠠᠮᠤᠷ ᠦ᠋ᠨ ᠲᠤᠩᠭᠠᠯᠠᠭ ᠰᠠᠷᠠᠨ  ᠳ᠋ᠤ᠌
 ᠡᠪᠡᠰᠦ ᠪᠡᠨ ᠵᠦᠭᠡᠭᠡᠳᠡᠭ ᠵᠠᠮ ᠦ᠋ᠳ ᠮᠢᠨᠢ

 ᠬᠦᠢᠲᠡᠨ ᠡᠪᠦᠯ ᠦ᠋ᠨ ᠰᠢᠭᠤᠷᠭᠠᠨ  ᠳ᠋ᠤ᠌
 ᠨᠥᠮᠥᠷᠢ  ᠳ᠋ᠤ᠌ ᠨᠢ ᠳᠤᠯᠠᠭᠠᠴᠠᠳᠠᠭ ᠮᠠᠩᠬ᠎ᠠ ᠨᠤᠭᠤᠳ ᠮᠢᠨᠢ
 ᠬᠥᠭᠵᠢᠯᠲᠦ ᠵᠤᠨ ᠪ ᠬᠠᠯᠠᠭᠤᠨ  ᠳ᠋ᠤ᠌
 ᠰᠡᠭᠦᠲᠡᠷ ᠲᠤ ᠨᠢ ᠳᠠᠭᠤᠯᠠᠳᠠᠭ ᠮᠣᠲᠣ ᠨᠤᠭᠤᠳ ᠮᠢᠨᠢ

 ᠬᠠᠲᠠᠨ ᠵᠣᠷᠢᠬᠲᠤ  ᠯᠢᠭᠳᠡᠨ ᠪ
 ᠬᠠᠯᠠᠭᠤᠨ ᠴᠢᠰᠤ ᠪᠠᠷ ᠶ᠋ᠢᠠᠨ ᠬᠠᠮᠠᠭᠠᠯᠠᠭᠰᠠᠨ
 ᠬᠠᠶ᠋ᠢᠷᠠᠲᠤ ᠥᠯᠥᠭᠡᠢ ᠨᠤᠲᠤᠭ ᠶ᠋ᠢᠠᠨ
 ᠬᠠᠷᠭᠢᠰ ᠳᠠᠶ᠋ᠢᠰᠤᠨ ᠶ᠋ᠢᠠᠷ ᠭᠢᠰᠬᠢᠭᠦᠯᠬᠦ ᠦᠭᠡᠢ !

 ᠡᠬᠡ ᠣᠷᠣᠨᠴᠢ ᠪᠠᠭᠠᠲᠤᠷ ᠦ᠋ᠳ ᠮᠢᠨᠢ
 ᠡᠯᠢᠭᠡ ᠴᠡᠭᠡᠵᠢ ᠪᠡᠷ ᠶ᠋ᠢᠡᠨ ᠬᠠᠯᠬᠠᠯᠠᠭᠰᠠᠨ
 ᠡᠭᠡᠯᠢᠲᠡᠢ ᠰᠠᠶ᠋ᠢᠬᠠᠨ ᠨᠤᠲᠤᠭ ᠲᠤ ᠪᠠᠨ
 ᠡᠵᠡᠷᠬᠡᠭ ᠳᠠᠷᠤᠯᠠᠯ ᠊ᠢ ᠪᠠᠶ᠋ᠢᠯᠭᠠᠬᠤ ᠦᠭᠡᠢ ᠃

 ᠣᠨᠲᠣᠷᠤᠯᠲᠤ ᠨᠠᠭᠤᠷ ᠦ᠋ᠨ ᠳᠣᠯᠭᠢᠶᠠᠨ ᠴᠢᠨᠢ
 ᠤᠯᠠᠭᠠᠨ ᠵᠢᠷᠦᠬᠡᠨ ᠪ ᠮᠢᠨᠢ ᠴᠣᠬᠢᠯᠬ᠋᠎ᠠ ᠰᠢᠦ ᠂
 ᠤᠤᠭᠠᠨ ᠥᠯᠥᠭᠡᠢ ᠨᠤᠲᠤᠭ ᠶ᠋ᠢᠠᠨ
 ᠤᠷᠪᠠᠭᠰᠠᠨ ᠳᠠᠶ᠋ᠢᠰᠤᠨ ᠶ᠋ᠢᠠᠷ  ᠭᠢᠰᠬᠢᠭᠦᠯᠬᠦ ᠦᠭᠡᠢ ᠃

 ᠬᠠᠶ᠋ᠢᠯᠠᠰᠤ ᠪᠤᠷᠭᠠᠰᠤᠨ ᠪ ᠨᠠᠶ᠋ᠢᠭᠤᠬ᠋᠎ᠠ ᠴᠢᠨᠢ
 ᠬᠠᠶ᠋ᠢᠷᠠᠯᠠᠬᠤ ᠰᠡᠤᠠᠬᠢᠯ ᠦ᠋ᠨ ᠮᠢᠨᠢ ᠳᠣᠭᠳᠣᠯᠤᠯᠲᠠ ᠰᠢᠦ ᠂
 ᠬᠠᠶ᠋ᠢᠷᠠᠲᠤ ᠥᠯᠥᠭᠡᠢ ᠨᠤᠲᠤᠭ ᠶ᠋ᠢᠠᠨ
 ᠬᠠᠷᠭᠢᠰ ᠭᠣᠮᠢᠨᠲᠠᠩ ᠶ᠋ᠢᠠᠷ ᠭᠢᠰᠬᠢᠭᠦᠯᠬᠦ ᠦᠭᠡᠢ ᠃

 ᠡᠯᠡᠰᠦ ᠮᠠᠩᠬ᠎ᠠ ᠲᠠᠯ᠎ᠠ ᠮᠢᠨᠢ
 ᠡᠴᠢᠭᠡ ᠡᠪᠦᠭᠡᠳ ᠦ᠋ᠨ ᠮᠢᠨᠢ ᠨᠤᠲᠤᠭ ᠰᠢᠦ ᠂
 ᠡᠪ ᠬᠠᠮᠲᠤ ᠨᠠᠮ ᠦ᠋ᠨ ᠵᠠᠮ ᠶ᠋ᠢᠠᠷ
 ᠡᠷᠬᠡ ᠴᠢᠯᠥᠭᠡ ᠪᠡᠨ ᠮᠠᠨᠲᠤᠭᠤᠯᠤᠶ᠎ᠠ ᠃

 ᠵᠠᠶᠠᠬ᠋᠎ᠠ ᠨᠢᠭᠡᠲᠡᠢ ᠠᠬ᠎ᠠ ᠳᠡᠭᠦᠦ ᠮᠢᠨᠢ  
 ᠵᠢᠪᠬᠤᠯᠠᠩᠲᠤ ᠳᠠᠭᠤᠤ ᠪᠠᠨ ᠳᠠᠭᠤᠯᠠᠶ᠎ᠠ ᠃
 ᠵᠠᠶᠠᠭᠠᠭᠰᠠᠨ ᠮᠠᠩᠬᠠᠨ ᠨᠤᠲᠤᠭ ᠶ᠋ᠢᠠᠨ
 ᠵᠢᠷᠭᠠᠯ ᠦ᠋ᠨ ᠣᠷᠣᠨ ᠪᠣᠯᠭᠠᠶ᠎ᠠ ᠃


    (1)  ᠲᠤᠰ ᠬᠢᠴᠢᠶᠡᠯ ᠊ᠢ 《 ᠲᠠᠯ᠎ᠠ ᠶ᠋ᠢᠨ ᠳᠠᠭᠤᠴᠢᠨ 》 ᠠ᠋ᠴᠠ ᠰᠣᠩᠭᠣᠪᠠ ᠃ ᠨᠠ᠊ · ᠰᠠᠶ᠋ᠢᠨᠴᠣᠭᠲᠣ (1914--1973) ᠪᠣᠯ ᠮᠣᠩᠭᠣᠯ ᠦᠨᠲᠦᠰᠦᠲᠡᠨ ᠪ ᠠᠯᠲᠠᠷᠲᠤ ᠰᠢᠯᠦᠭᠴᠢ ᠂ ᠳᠤᠮᠳᠠᠳᠤ ᠤᠯᠤᠰ ᠦ᠋ᠨ ᠣᠲᠣ ᠦᠶ᠎ᠡ ᠶ᠋ᠢᠨ ᠮᠣᠩᠭᠣᠯ ᠤᠷᠠᠨ ᠵᠣᠬᠢᠶᠠᠯ ᠦ᠋ᠨ ᠰᠠᠭᠤᠷᠢᠯᠠᠭᠴᠢ ᠃

 ᠨᠠᠢ᠍ᠮᠠᠲᠤᠭᠠᠷ ᠣᠨ ( ᠳᠡᠭᠡᠳᠦ) ᠪ ᠤᠩᠰᠢᠬᠤ ᠪᠢᠴᠢᠭ ᠡᠴᠡ ᠬᠠᠭᠤᠯᠪᠠ ᠃

  ᠬᠠᠭᠠᠯᠤᠭᠰᠠᠨ ᠨᠢ ᠄ ᠮᠢᠩᠭᠠᠳ · ᠴᠢᠮᠡᠭ
  ᠬᠢᠨᠠᠭᠰᠠᠨ ᠨᠢ ᠄ ᠳ᠋ᠦ᠋ᠩ ᠹᠸᠩ