ᠲᠡᠵᠢᠭᠡᠪᠦᠷᠢ ᠬᠤᠷᠠᠬ᠋ᠠ ( ᠣᠷᠱᠤᠨ ᠭᠣᠣᠯ ) - ᠦᠭᠡ ᠂ ᠠᠶ᠎ᠠ ᠄ ᠰᠸᠷᠡᠩᠭᠤᠡ Тэжээвэр хурга ( Оршин гол ) – Үг ᠂ Ая ᠄ Серэнгоо
ᠲᠡᠵᠢᠭᠡᠪᠦᠷᠢ ᠬᠤᠷᠠᠬ᠋ᠠ
ᠦᠭᠡ ᠂ ᠠᠶ᠎ᠠ ᠄ ᠰᠧᠷᠡᠩᠭᠣᠸ᠋ᠠ
ᠮᠢᠨᠦ ᠲᠡᠵᠢᠭᠡᠪᠦᠷᠢ ᠬᠤᠷᠠᠬ᠋ᠠ
ᠮᠠᠩᠨᠠᠢ ᠬᠠᠯᠵᠠᠨ ᠲᠡᠮᠲᠡᠭ ᠲᠡᠢ
ᠮᠢᠩᠭᠠᠨ ᠬᠣᠨᠢᠨ ᠪ ᠳᠤᠮᠳᠠ ᠠ᠋ᠴᠠ
ᠪᠢ ᠬᠠᠷᠠᠭᠠᠳ ᠲᠠᠨᠢᠲᠠᠭ
ᠬᠤᠷᠠᠬ᠋ᠠ ᠬᠤᠷᠠᠬ᠋ᠠ ᠭᠡᠬᠦᠯᠡᠷ
ᠨᠠᠮᠠᠶ᠋ᠢ ᠴᠢᠭᠯᠡᠭᠡᠳ ᠢᠷᠡᠳᠡᠭ ᠃
ᠳᠤᠩ ᠴᠠᠭᠠᠨ ᠨᠣᠣᠰᠣ ᠲᠠᠢ
ᠳᠤᠷᠠᠨ ᠬᠠᠷ᠎ᠠ ᠨᠢᠲᠦ ᠲᠡᠢ
ᠲᠦᠮᠡᠨ ᠬᠣᠨᠢᠨ ᠪ ᠳᠤᠮᠳᠠ ᠠ᠋ᠴᠠ
ᠪᠢ ᠬᠠᠷᠠᠭᠠᠳ ᠲᠠᠨᠢᠲᠠᠭ ᠃
ᠳᠠᠭᠢᠯᠲᠠ
ᠬᠤᠷᠠᠬ᠋ᠠ ᠡ ᠂ ᠬᠤᠷᠠᠬ᠋ᠠ ᠭᠡᠬᠦᠯᠡᠷ
ᠨᠠᠮᠠᠢ᠍ᠢ ᠴᠢᠭᠯᠡᠭᠡᠳ ᠢᠷᠡᠳᠡᠭ ᠂ ᠢᠷᠡᠳᠡᠭ ᠬᠦᠢ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 27 ᠤ ᠡᠲᠦᠷ
