ᠤᠭᠲᠤᠯᠬ᠋᠎ᠠ ᠶ᠋ᠢᠨ ᠳᠠᠭᠤᠤ ( ᠣᠷᠱᠤᠨ ᠭᠣᠣᠯ ) - ᠦᠭᠡ ᠄ ᠸᠴᠢᠷᠵᠠᠪ ᠂ ᠠᠶ᠎ᠠ ᠄ ᠰᠸᠷᠡᠩᠭᠤ᠎ᠡ Угтлагын дуу ( Оршин гол ) – Үг ᠄ Очиржав ᠂ Ая ᠄ Серэнгоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠭᠲᠤᠯᠬ᠋᠎ᠠ ᠶ᠋ᠢᠨ ᠳᠠᠭᠤᠤ ( ᠣᠷᠱᠤᠨ ᠭᠣᠣᠯ ) - ᠦᠭᠡ ᠄ ᠸᠴᠢᠷᠵᠠᠪ ᠂ ᠠᠶ᠎ᠠ ᠄ ᠰᠸᠷᠡᠩᠭᠤ᠎ᠡ Угтлагын дуу ( Оршин гол ) – Үг ᠄ Очиржав ᠂ Ая ᠄ Серэнгоо

ᠤᠭᠲᠤᠯᠬ᠋᠎ᠠ ᠶ᠋ᠢᠨ ᠳᠠᠭᠤᠤ ( ᠣᠷᠱᠤᠨ ᠭᠣᠣᠯ ) - ᠦᠭᠡ ᠄ ᠸᠴᠢᠷᠵᠠᠪ ᠂ ᠠᠶ᠎ᠠ ᠄ ᠰᠸᠷᠡᠩᠭᠤ᠎ᠡ Угтлагын дуу ( Оршин гол ) – Үг ᠄ Очиржав ᠂ Ая ᠄ Серэнгоо

ᠠᠩᠭᠢᠯᠠᠯ:ᠳᠠᠭᠤᠤ ᠬᠥᠭᠵᠢᠮ
2023-04-28

348

ᠤᠭᠲᠤᠯᠬ᠋᠎ᠠ ᠶ᠋ᠢᠨ ᠳᠠᠭᠤᠤ


            ᠦᠭᠡ ᠄ ᠸᠴᠢᠷᠵᠠᠪ 
             ᠠᠶ᠎ᠠ ᠄ ᠰᠧᠷᠡᠩᠭᠣᠸ᠋᠎ᠠ 

 ᠬᠥᠭᠡᠰᠦᠷᠡᠨᠮ ᠮᠡᠯᠮᠡᠯᠵᠡᠭᠰᠡᠨ ᠢᠮᠢᠨ ᠭᠣᠣᠯ 
 ᠬᠥᠭᠵᠢᠮ ᠡᠷᠭᠦᠨ ᠬᠠᠯᠭᠢᠯᠠᠵᠤ ᠪᠠᠶ᠋ᠢᠨ᠎ᠠ ᠂ 
 ᠬᠥᠪᠴᠢ ᠶ᠋ᠢᠨ ᠰᠠᠬᠤᠯᠢᠬ ᠬᠢᠩᠭᠠᠨ ᠠᠭᠤᠯᠠ 
 ᠬᠦᠨᠲᠦᠲᠦ ᠲᠠᠨᠠᠷ ᠶ᠋ᠢᠠᠨ ᠳᠠᠯᠠᠯᠵᠤ ᠪᠠᠶ᠋ᠢᠨ᠎ᠠ ᠃ 
 ᠤᠷᠠᠯᠢᠬ ᠮᠥᠩᠭᠥᠨ ᠠᠶᠠᠭᠠᠨ ᠳ᠋ᠠᠭᠠᠨ 
 ᠤᠭᠤᠷᠠᠭᠲᠤ ᠰᠦ᠋ ᠪᠡᠨ ᠮᠡᠯᠲᠡᠯᠵᠡᠭᠦᠯᠦᠭᠡᠳ 
 ᠤᠷᠢᠬᠲᠠᠵᠤ ᠢᠷᠡᠭᠰᠡᠨ ᠲᠠᠨᠠᠷ ᠲᠠᠭᠠᠨ 
 ᠤᠭᠲᠤᠯᠬ᠋᠎ᠠ ᠶ᠋ᠢᠨ ᠪᠠᠶᠠᠷ ᠶ᠋ᠢᠠᠨ ᠬᠦᠷᠭᠡᠶ᠎ᠡ 
 ᠲᠠᠪᠠᠲᠠᠶ᠋ᠢᠬᠠᠨ ᠰᠠᠭᠤᠯᠴᠠᠵᠤ ᠨᠠᠶ᠋ᠢᠷᠠᠯᠲᠤᠶ᠎ᠠ ᠃  

 ᠳᠣᠯᠭᠢᠨ ᠤᠷᠤᠰᠬᠠᠯᠲᠤ ᠬᠡᠷᠦᠯᠦᠨ ᠭᠣᠣᠯ
 ᠳᠠᠭᠤᠯᠠᠯ ᠶ᠋ᠢᠠᠨ ᠡᠭᠡᠰᠢᠭᠯᠡᠨ ᠲᠤᠨᠤᠯᠵᠠᠵᠤ ᠪᠠᠶ᠋ᠢᠨ᠎ᠠ ᠂
 ᠳᠤᠷᠠᠰᠴᠤ ᠬᠦᠰᠡᠭᠰᠡᠨ ᠠᠬ᠎ᠠ ᠳᠡᠭᠦᠦ ᠨᠡᠷ ᠲᠠᠭᠠᠨ
 ᠳᠣᠲᠣᠨᠣ ᠮᠡᠨᠲᠦᠴᠢᠯᠡᠯ ᠶ᠋ᠢᠡᠨ ᠬᠦᠷᠭᠡᠵᠦ ᠪᠠᠶ᠋ᠢᠨ᠎ᠠ ᠃ 
 ᠠᠭᠠᠷᠤᠤᠯ ᠬᠤᠷᠤᠳ ᠲᠣᠰᠣ ᠶᠤᠭᠠᠨ
 ᠠᠯᠲᠠᠨ ᠲᠠᠪᠠᠭ ᠲᠠᠭᠠᠨ ᠳᠦᠭᠦᠷᠡᠩ ᠥᠷᠥᠭᠡᠳ
 ᠠᠯᠤᠰ ᠠ᠋ᠴᠠ ᠢᠷᠡᠭᠰᠡᠨ ᠲᠠᠨᠠᠷ ᠦ᠋ᠨ ᠶ᠋ᠢᠠᠨ
 ᠠᠰᠢᠲᠠ ᠶ᠋ᠢᠨ ᠰᠠᠢᠬᠠᠨ ᠊ᠢ ᠴᠢᠨᠢ ᠠᠰᠠᠭᠤᠵᠤ ᠪᠠᠶ᠋ᠢᠨ᠎ᠠ ᠃ 

 ᠴᠠᠯᠭᠢᠯᠠᠨ ᠳᠣᠯᠭᠢᠶᠠᠯᠠᠬᠤ ᠣᠷᠱᠤᠨ ᠭᠣᠣᠯ
 ᠴᠡᠩᠬᠡᠷ ᠬᠠᠲᠠᠭ ᠶ᠋ᠢᠠᠨ ᠡᠷᠭᠦᠵᠦ ᠪᠠᠶ᠋ᠢᠨ᠎ᠠ ᠂
 ᠲᠡᠨᠢᠭᠡᠷ ᠠᠭᠤᠲᠠᠮ ᠪᠠᠷᠭᠤ ᠨᠤᠲᠤᠭ
 ᠲᠠᠨ ᠪ ᠪᠠᠨ ᠠᠮᠤᠷ ᠊ᠢ ᠡᠷᠢᠵᠦ ᠪᠠᠶ᠋ᠢᠨ᠎ᠠ ᠃
 ᠰᠠᠭᠠᠯᠢ ᠪᠠᠷ ᠨᠡᠷᠡᠭᠰᠡᠨ ᠰᠠᠷᠬᠤᠳ ᠶ᠋ᠢᠠᠨ
 ᠰᠢᠵᠢᠷ ᠬᠤᠨᠲᠠᠭᠠᠨ ᠳ᠋ᠠᠭᠠᠨ ᠬᠡᠮᠨᠡᠭᠡᠳ
 ᠰᠠᠭᠠᠲᠤᠵᠤ ᠠᠶ᠋ᠢᠯᠴᠢᠯᠠᠬᠤ ᠲᠠᠨᠠᠷ ᠲᠠᠭᠠᠨ
 ᠰᠠᠢᠬᠠᠨ ᠪ ᠢᠷᠥᠭᠡᠯ ᠶ᠋ᠢᠡᠨ ᠳᠡᠪᠰᠢᠭᠦᠯᠦᠶ᠎ᠡ ᠃ 

 ᠡᠷᠭᠢᠯᠲᠦᠨ ᠤᠷᠤᠰᠬᠤ ᠮᠡᠷᠭᠡᠯ ᠭᠣᠣᠯ
 ᠡᠭᠡᠰᠢᠭ ᠲᠠᠲᠠᠨ ᠮᠢᠷᠠᠯᠵᠠᠵᠤ ᠪᠠᠶ᠋ᠢᠨ᠎ᠠ ᠂
 ᠡᠷᠬᠢ ᠶ᠋ᠢ ᠨᠢ ᠳᠠᠭᠠᠭᠰᠠᠨ ᠡᠷᠢᠶᠡᠨ ᠴᠡᠴᠡᠭ
 ᠥᠭᠡᠲᠡ ᠡᠴᠡ ᠴᠢᠨᠢ ᠭᠠᠩᠬᠤᠨ ᠮᠦᠰᠢᠶᠡᠵᠦ ᠪᠠᠶ᠋ᠢᠨ᠎ᠠ ᠃
 ᠲᠠᠩᠰᠤᠭ ᠽᠠᠨᠲᠠᠨ  ᠳᠠᠪᠰᠢᠨ ᠳ᠋ᠡᠭᠡᠨ
 ᠲᠠᠷᠭᠤᠨ ᠢᠷᠭᠡ ᠪᠡᠨ ᠰᠢᠭᠦᠰᠦᠯᠡᠨ ᠪᠠᠷᠢᠵᠤ
 ᠲᠠᠨᠢᠯᠴᠠᠵᠤ ᠳᠠᠰᠤᠯᠴᠠᠭᠰᠠᠨ ᠲᠠᠨᠠᠷ ᠲᠠᠢ ᠪᠠᠨ
 ᠲᠠᠪᠠᠲᠠᠶ᠋ᠢᠬᠠᠨ ᠰᠠᠭᠤᠯᠴᠠᠵᠤ ᠨᠠᠶ᠋ᠢᠷᠠᠯᠲᠤᠶ᠎ᠠ ᠃

  ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄  ᠪᠠᠶᠠᠷᠴᠡᠴᠡᠭ 
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 27  ᠤ ᠡᠲᠦᠷ