ᠮᠠᠯᠴᠢᠳ ᠦ᠋ᠨ ᠠᠮᠢᠲᠤᠷᠠᠯ ( ᠣᠷᠱᠤᠨ ᠭᠣᠣᠯ ) - ᠦᠭᠡ ᠄ ᠨᠠ · ᠳ᠋ᠠᠰᠢᠨᠢᠮ᠎ᠡ ᠂ ᠠᠶ᠎ᠠ ᠄ ᠰᠸᠷᠡᠩᠭᠤᠡ Малчдын амьдрал ( Оршин гол ) – Үг ᠄ Н · Дашням ᠂ Ая ᠄ ᠄ Серэнгоо
ᠮᠠᠯᠴᠢᠳ ᠦ᠋ᠨ ᠠᠮᠢᠲᠤᠷᠠᠯ
ᠦᠭᠡ ᠄ ᠨᠠ · ᠳ᠋ᠠᠰᠢᠨᠢᠮ᠎ᠡ
ᠠᠶ᠎ᠠ ᠄ ᠰᠸᠷᠡᠩᠭᠤᠡ
ᠪᠠᠶᠠᠨ ᠰᠥᠷᠦᠭ ᠦ᠋ᠨ ᠵᠠᠬ᠎ᠠ ᠪᠠᠷ
ᠪᠠᠭᠠᠲᠤᠷ ᠵᠠᠯᠠᠭᠤ ᠳᠠᠪᠬᠢᠭᠤᠯᠤᠨ᠎ᠠ
ᠪᠥᠮᠪᠥᠭᠡᠨ ᠴᠠᠭᠠᠨ ᠥᠷᠭᠥᠭᠡᠨ ᠳ᠋ᠤᠨᠢ
ᠪᠦᠰᠡᠭᠦᠢ ᠬᠣᠩᠭᠣᠷ ᠨᠢ ᠤᠷᠠᠯᠠᠨ᠎ᠠ
ᠠ ᠠ ᠠ ᠬᠠ ᠬᠥ ᠬᠥᠶ
ᠠ ᠠ ᠠ ᠬᠠ ᠬᠥᠢ
ᠮᠠᠯᠴᠢᠳ ᠦ᠋ᠨ ᠠᠮᠢᠲᠤᠷᠠᠯ ᠶᠠᠭᠤᠲᠠᠢ ᠴᠡᠩᠭᠡᠯᠲᠡᠢ ᠪᠤᠢ
ᠶᠠᠭᠤᠲᠠᠢ ᠴᠡᠩᠭᠡᠯᠲᠡᠢ ᠪᠤᠢ ᠪᠤᠢ
ᠬᠥᠲᠡᠯᠮᠦᠷᠢ ᠲᠡᠮᠡᠴᠡᠯ ᠦ᠋ᠨ ᠤᠷᠤᠯᠲᠤᠭᠠᠨ ᠳ᠋ᠤ᠌
ᠬᠦᠲᠡᠷ ᠵᠠᠯᠠᠭᠤ ᠴᠣᠯᠭᠣᠷᠠᠨᠠ ᠂
ᠬᠥᠭᠡᠷᠥᠬᠦᠨ ᠲᠥᠷᠥᠭᠰᠡᠨ ᠬᠣᠩᠭᠣᠷ ᠨᠢ
ᠬᠦᠴᠦ ᠪᠡᠨ ᠬᠠᠮᠲᠤᠤᠠᠬᠠᠨ ᠮᠡᠷᠡᠶ᠋ᠢᠯᠴᠡᠨᠡ ᠃
ᠠ ᠬᠠ ᠬᠥ
ᠮᠠᠯᠴᠢᠳ ᠦ᠋ᠨ ᠠᠮᠢᠲᠤᠷᠠᠯ ᠶᠠᠭᠠᠬᠢᠬᠰᠠᠨ ᠨᠠᠷᠭᠢᠶᠠᠨᠲᠠᠢ ᠪᠤᠢ ?
ᠠᠭᠤᠲᠠᠮ ᠲᠠᠯ᠎ᠠ ᠪᠠᠨ ᠣᠲᠣᠬᠢᠴᠢᠯᠠᠬᠤ ᠪᠠᠷ
ᠠᠮᠠᠷᠠᠭ ᠬᠣᠶᠠᠷ ᠱᠠᠯᠠᠮᠠᠭᠠᠶ᠋ᠢᠯᠠᠨᠠ ᠂
ᠵᠢᠷᠭᠠᠯᠲᠤ ᠠᠮᠢᠲᠤᠷᠠᠯ ᠶ᠋ᠢᠠᠨ ᠴᠡᠴᠡᠭᠯᠡᠭᠦᠯᠬᠦ ᠪᠡᠷ
ᠵᠠᠯᠠᠭᠤ ᠮᠠᠯᠴᠢᠳ ᠭᠠᠷᠮᠠᠭᠠᠶ᠋ᠢᠯᠠᠨᠠ ᠃
ᠠ ᠬᠠ ᠬᠥ
ᠮᠠᠯᠴᠢᠳ ᠦ᠋ᠨ ᠠᠮᠢᠲᠤᠷᠠᠯ ᠶᠠᠭᠠᠬᠢᠬᠰᠠᠨ ᠮᠠᠭᠲᠠᠭᠠᠯᠲᠠᠢ ᠪᠤᠢ ?
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠤᠷᠠᠨᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 27 ᠤ ᠡᠲᠦᠷ
