ᠬᠤᠭᠤᠷ ᠦ᠋ᠨ ᠲᠥᠷᠪᠡᠨ ᠤᠲᠠᠰᠤ - ᠲ ᠂ ᠭᠣᠮᠪᠣᠵᠠᠪ Хуурийн дөрвөн утас - Т ᠂ Гомбожав
ᠬᠤᠭᠤᠷ ᠦ᠋ᠨ ᠲᠥᠷᠪᠡᠨ ᠤᠲᠠᠰᠤ
ᠲ ᠂ ᠭᠣᠮᠪᠣᠵᠠᠪ
ᠶᠠᠳᠠᠭᠤᠷᠠᠯ
ᠰᠦᠨᠢ ᠲᠤᠩ ᠬᠠᠷᠠᠩᠭᠤᠢ
ᠰᠡᠭᠦᠳᠡᠷ ᠦ᠋ᠨ ᠴᠠᠭᠠᠨ᠎ᠠ ᠠ᠋ᠴᠠ
ᠬᠠᠶᠠ ᠬᠠᠶᠠ ᠣᠳᠣᠳ ᠦ᠋ᠨ ᠭᠡᠷᠡᠯ ᠴᠣᠩᠬᠣ᠌ ᠲᠣᠭᠰᠢᠵᠤ ᠪᠠᠢᠯ᠎ᠠ
ᠪᠢ
ᠲᠡᠷᠭᠡᠯᠬᠡᠨ ᠵᠡᠭᠦᠳᠦ ᠮᠠᠨᠠᠶ᠎ᠠ ᠭᠡᠵᠦ
ᠲᠡᠷᠲᠡᠭᠡ ᠬᠣᠯᠠ ᠶ᠋ᠢᠨ
ᠡᠯᠡᠰᠦ ᠤᠶᠠᠷᠠᠭᠤᠯᠤᠭᠰᠠᠨ ᠲᠡᠮᠡᠭᠡᠨ ᠬᠣᠩᠬᠣ᠌ ᠴᠢᠩᠨᠠᠨ ᠬᠡᠪᠲᠡᠵᠦ ᠪᠢᠯᠡ
ᠥᠷᠯᠦᠭᠡ ᠨᠢ
ᠥᠯᠥᠰᠭᠦᠯᠡᠩ ᠲᠡᠨᠦᠭᠰᠡᠨ ᠨᠢᠭᠡ ᠪᠣᠳᠣᠯ
ᠡᠷᠭᠦᠵᠦ ᠶᠠᠳᠠᠮ᠎ᠠ ᠬᠦᠨᠳᠦ ᠪᠠᠢᠯ᠎ᠠ
ᠬᠦᠯᠢᠶᠡᠯᠲᠡ
ᠨᠠᠪ ᠨᠠᠷᠢᠬᠠᠨ
ᠡᠳᠦᠷ ᠰᠦᠨᠢ ᠶ᠋ᠢᠨ ᠵᠠᠪᠰᠠᠷ ᠳᠡᠭᠡᠷ᠎ᠡ ᠥᠯᠮᠡᠢᠳᠡᠨ ᠵᠣᠭᠰᠣᠯ᠎ᠠ
ᠮᠢᠨᠦ ᠬᠦᠰᠡᠯ ᠂ ᠴᠡᠴᠡᠭᠯᠡᠭᠡ ᠦᠭᠡᠢ ᠪᠠᠷ ᠶ᠋ᠢᠠᠨ ᠰᠢᠷᠭᠠᠯᠲᠤᠨ
ᠨᠠᠮᠤᠷ ᠦ᠋ᠨ ᠬᠦᠨᠳᠦ ᠭᠤᠨᠢᠭ᠋᠂ ᠨᠠᠷᠠ ᠳᠠᠭᠠᠵᠤ ᠤᠨᠠᠯ᠎ᠠ
ᠥᠪ ᠪᠣᠯᠵᠣ᠌ ᠦᠯᠡᠳᠡᠭᠰᠡᠨ ᠨᠢ
ᠬᠦᠰᠡᠷᠳᠡᠯ
ᠲᠤᠶ᠋ᠢᠯ ᠦᠭᠡᠢ ᠬᠣᠯᠠ ᠵᠠᠢ ᠤᠷᠤᠭᠤ
ᠲᠡᠯᠡᠭᠡ ᠬᠦᠢᠴᠡᠭᠰᠡᠨ ᠨᠣᠮ ᠦ᠋ᠨ ᠬᠦᠪᠴᠢ ᠡᠴᠡ
ᠱᠤᠤᠭᠢᠵᠤ ᠭᠠᠷᠬᠤ ᠰᠤᠮᠤ ᠶᠤᠮ ᠪᠢᠯᠡ
ᠠᠶᠠᠯᠠᠯ ᠦ᠋ᠨ ᠲᠤᠬᠠᠢ ᠪᠠᠷᠲᠠᠭ᠎ᠠ ᠵᠢᠰᠢᠨ
ᠠᠮᠢᠰᠬᠤᠭ᠎ᠠ ᠡᠰᠡ ᠲᠡᠭᠡᠷᠡᠳᠡᠨᠡ
ᠨᠠᠢ᠍ᠮᠠᠨ ᠰᠠᠷ᠎ᠠ ᠶ᠋ᠢᠨ ᠠᠷᠪᠠᠨ ᠲᠠᠪᠤᠨ
ᠡᠨᠡ ᠰᠦᠨᠢ ᠰᠠᠷ᠎ᠠ ᠲᠡᠷᠭᠡᠯᠯᠡᠬᠦ ᠤᠴᠢᠷ ᠲᠠᠢ ᠡ ᠁
ᠨᠠᠮᠤᠷ ᠦ᠋ᠨ ᠬᠣᠲᠠ ᠶ᠋ᠢᠨ ᠰᠠᠭᠤᠭᠳᠠᠯ
ᠣᠢ ᠵᠤᠵᠠᠭᠠᠨ ᠬᠣᠷᠣᠭᠣᠳᠤᠨ ᠵᠠᠪᠰᠠᠷ ᠶ᠋ᠢᠠᠷ
ᠨᠣᠶ᠋ᠢᠷ ᠵᠤᠵᠠᠭᠠᠨ ᠮᠠᠨᠠᠨ ᠰᠡᠩᠰᠡᠷᠡᠵᠦ
ᠨᠠᠷᠠ ᠮᠠᠨᠳᠤᠨ᠎ᠠ
ᠤᠮᠠᠷ᠎ᠠ ᠶ᠋ᠢᠨ ᠰᠠᠯᠬᠢ
ᠤᠨᠠᠬᠤ ᠨᠠᠪᠴᠢ ᠶ᠋ᠢᠨ ᠵᠡᠮᠲᠡᠭ᠍ᠷᠡᠭ᠍ᠰᠡᠨ ᠵᠡᠭᠦᠳᠦᠨ ᠳ᠋ᠦ᠍ ᠪᠦᠳᠦᠴᠢᠨ
ᠤᠷᠤᠰᠬᠠᠯ ᠰᠢᠭ᠋ ᠬᠦᠮᠦᠰ ᠦ᠋ᠨ ᠴᠣᠪᠣᠭ᠎ᠠ
ᠶᠠᠮᠠᠷ ᠨᠢᠭᠡ ᠭᠣᠨᠢᠭ᠋ ᠲᠤ ᠳᠠᠷᠤᠭᠳᠠᠨ
ᠲᠣᠯᠣᠭᠠᠢ ᠪᠠᠨ ᠡᠷᠭᠦᠵᠦ ᠳᠡᠢᠯᠬᠦ ᠦᠭᠡᠢ
ᠲᠡᠷᠭᠡᠴᠢᠨ ᠳ᠋ᠡᠭᠡᠨ ᠰᠢᠲᠤᠷᠭᠤ
ᠲᠡᠷᠭᠡ ᠨᠤᠭᠦᠳ ᠯᠠ ᠬᠠᠮᠢᠶ᠎ᠠ ᠦᠭᠡᠢ ᠰᠢᠭ᠌
ᠲᠡᠩᠬᠡᠬᠡ ᠰᠢᠯᠭᠠᠯᠴᠠᠨᠠ
ᠲᠡᠭᠡᠬᠦ ᠳ᠋ᠦ᠍ ᠳᠠᠭᠤ ᠨᠢ
ᠶᠠᠭᠠᠬᠢᠬᠤ ᠶ᠋ᠢᠨ ᠠᠷᠭ᠎ᠠ ᠦᠭᠡᠢ ᠭᠠᠵᠠᠷ ᠤᠨᠠᠵᠤ ᠰᠢᠷᠭᠠᠯᠳᠤᠨᠠ ᠪᠢᠯᠡ
ᠠᠰᠠᠷ ᠦ᠋ᠳ ᠦ᠋ᠨ ᠴᠣᠩᠬᠣ᠌ ᠪᠠᠷ ᠰᠢᠷᠠᠩᠭᠤᠢ ᠰᠠᠬᠠᠯ ᠨᠠᠮᠢᠷᠠᠵᠤ
ᠠᠵᠢᠨ ᠪ ᠬᠥᠮᠦᠨ ᠨᠢᠭᠡ ᠪᠣᠲᠣᠯ ᠳ᠋ᠦ᠍ ᠭᠤᠨᠢᠶᠠᠨ
ᠠᠲᠠᠭᠠᠷᠯᠠᠨ ᠪᠤᠴᠠᠬᠤ ᠭᠠᠯᠠᠭᠤᠨ ᠪ ᠲᠠᠭᠤᠨ ᠶ᠋ᠢᠠᠷ
ᠮᠥᠷᠦᠭᠡᠰᠦᠯ ᠳ᠋ᠦ᠍ ᠤᠨᠠᠨ ᠮᠡᠯᠮᠡᠷᠡᠨ᠎ᠡ ᠡ
ᠭᠤᠲᠤᠮᠵᠢᠨ ᠳ᠋ᠦ᠍
ᠣᠨ ᠪ ᠳᠡᠭᠵᠢᠨ ᠬᠦᠰᠡᠯ ᠦ᠋ᠳ
ᠤᠨᠠᠴᠢᠭᠠᠳ᠂ ᠱᠠᠷ ᠱᠠᠷ ᠪᠥᠮᠪᠥᠷᠢᠨ
ᠣᠢ ᠤᠬᠠᠭᠠᠨ ᠳ᠋ᠦ᠍
ᠪᠥᠮᠪᠥᠷᠴᠡᠭ ᠦ᠋ᠨ ᠨᠢᠭᠡ ᠢᠨᠢᠶᠡᠯ ᠲᠡᠭᠦᠰᠭᠡᠯ ᠬᠤᠷᠢᠶᠠᠬᠤ ᠬᠠᠷᠠᠭᠳᠠᠨ᠎ᠠ
ᠠᠩ ᠳ᠋ᠠᠭᠠᠨ ᠮᠣᠷᠳᠠᠶ᠎ᠠ ᠭᠡᠬᠦ ᠪᠣᠳᠣᠯ
ᠠᠭᠠᠵᠢᠮ ᠠᠭᠠᠵᠢᠮ ᠶ᠋ᠢᠠᠷ ᠠᠭᠠᠷ ᠪᠣᠯᠵᠤ ᠲᠡᠯᠡᠷᠡᠨᠡ ᠪᠢᠯᠡ᠁
ᠬᠣᠲᠠ ᠶ᠋ᠢᠨ ᠳᠠᠭᠳᠠᠭ᠎ᠠ
ᠬᠣᠲᠠ ᠶ᠋ᠢᠨ ᠲᠡᠭᠷᠢ ᠤᠨᠢᠶᠠᠷ ᠶ᠋ᠢᠠᠷ ᠠᠮᠢᠰᠬᠤᠯᠯᠠᠨ᠎ᠠ
ᠬᠣᠶᠠᠷ ᠴᠠᠭᠠᠨ ᠳᠠᠭᠳᠠᠭ᠎ᠠ ᠲᠥᠭᠡᠷᠢᠴᠢᠭᠡᠳ
ᠵᠢᠭᠦᠷ ᠶ᠋ᠢᠠᠨ ᠬᠥᠰᠢᠲᠡᠯ᠎ᠡ ᠨᠢᠰᠦᠭᠰᠡᠭᠡᠷ ᠨᠢᠰᠦᠭᠰᠡᠭᠡᠷ
ᠬᠣᠷᠸ᠋᠎ᠠ ᠭᠠᠯᠯᠠᠭᠰᠠᠨ ᠫᠣᠣ
ᠬᠣᠯᠠᠩ ᠦ᠋ᠨ ᠬᠠᠷ᠎ᠠ ᠠᠮᠠᠰᠠᠷ ᠳᠡᠭᠡᠷ᠎ᠡ ᠰᠠᠭᠤᠴᠢᠬᠠᠯ᠎ᠠ
ᠬᠣᠶᠠᠷ ᠳᠤᠰᠤᠯ ᠬᠥᠢᠪ ᠬᠦᠢᠲᠡᠨ ᠨᠢᠯᠪᠤᠰᠤ
ᠬᠤᠪᠢ ᠵᠠᠶᠠᠭ᠎ᠠ ᠴᠣᠬᠣᠷᠳᠠᠵᠤ ᠪᠠᠢᠨ᠎ᠠ᠁
1986
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠤᠭᠴᠢ ᠰᠠᠷᠠᠨ᠎ᠠ
ᠬᠢᠨᠠᠭᠴᠢ ᠄ ᠴᠣᠯᠮᠣᠨᠲᠤᠶᠠᠭ᠎ᠠ
2023 ᠂ 4 ᠂ 26 ᠪ ᠡᠲᠦᠷ
