ᠰᠠᠨᠠᠭᠠᠨ ᠳ᠋ᠤ᠌ ᠢᠯᠡᠬᠡᠨ ᠬᠠᠨᠢ- ᠤ᠋ · ᠣᠶᠤᠨᠪᠠᠲᠤ᠂ᠷ ·ᠪᠠᠲᠠᠷᠠᠯᠮᠠСанаанд илхэн хань-оо · оюунбат,р ·бадралам
ᠰᠠᠨᠠᠭᠠᠨ ᠳ᠋ᠤ᠌ ᠢᠯᠡᠬᠡᠨ ᠬᠠᠨᠢ
ᠦᠭᠡ
᠄ ᠱ · ᠭᠦᠷᠦᠪᠠᠽᠠᠷ
ᠠᠶ᠎ᠠ
᠄ ᠶᠣ · ᠰᠦᠬᠡᠪᠠᠭᠠᠲᠤᠷ
ᠳᠠᠭᠤᠴᠢᠨ
᠄ ᠤ᠋ · ᠣᠶᠤᠨᠪᠠᠲᠤ᠂ᠷ ·ᠪᠠᠲᠠᠷᠠᠯᠮᠠ
ᠦᠭᠡᠢ ᠳᠤᠲᠠᠭᠤ ᠪᠠᠨ ᠭᠦᠢᠴᠡᠭᠡᠵᠦ ᠥᠴᠢᠨᠡᠨ ᠵᠢᠯ ᠬᠠᠨᠢᠯᠠᠭᠰᠠᠨ
ᠦᠷ᠎ᠡ ᠶ᠋ᠢᠨ ᠮᠢᠨᠢ ᠡᠬᠡ ᠴᠢᠮᠠᠶ᠋ᠢ ᠪᠠᠨ ᠪᠣᠳᠣᠯ ᠳ᠋ᠤ᠌ ᠪᠠᠨ ᠮᠥᠷᠥᠭᠡᠳᠬᠦ ᠶᠦ᠍ᠮ ᠳᠡ
ᠦᠨᠡᠨᠴᠢᠬᠡᠨ
ᠬᠣᠶᠠᠷᠬᠠᠨ ᠰᠡᠳᠬᠢᠯ ᠳ᠋ᠦ᠍ ᠪᠡᠨ ᠡᠵᠢ ᠠᠪᠤ ᠪᠣᠯᠤᠯᠴᠠᠭᠠᠳ
ᠡᠭᠦᠷᠢᠳᠡ ᠶ᠋ᠢᠨ ᠨᠠᠷᠠᠨ ᠲᠦᠰᠢᠭ ᠮᠢᠨᠢ ᠴᠢ ᠵᠡᠭᠦᠳᠦᠨ ᠳ᠋ᠦ᠍ ᠳᠠᠩᠴᠤ ᠢᠯᠡᠬᠡᠨ
ᠬᠠᠶ᠋ᠢᠷ᠎ᠠ ᠬᠠᠶ᠋ᠢᠷ᠎ᠠ ᠪᠠᠷ ᠢ᠋ᠶ᠋ᠠᠨ ᠡᠭᠡᠨᠡᠭᠰᠢᠨ ᠨᠡᠷᠡᠲᠦ ᠶ᠋ᠢ ᠨᠢᠭᠡᠯᠡ ᠡᠯᠡᠭᠡᠬᠦ
ᠬᠠᠨᠢ ᠮᠢᠨᠢ ᠪᠢ
ᠴᠢᠮᠠᠶ᠋ᠢ ᠪᠠᠨ ᠬᠠᠶ᠋ᠢᠷᠠᠯᠠᠭᠠᠳ ᠵᠢᠷᠭᠠᠭᠠᠬᠤ ᠶᠤᠮᠰᠠᠨ
ᠳᠠᠭᠠᠬᠢ ᠶ᠋ᠢᠨ ᠰᠡᠪᠡᠯᠭᠡ ᠲᠡᠢ ᠦᠷ᠎ᠡ ᠶ᠋ᠢᠨ ᠢ᠋ᠶ᠋ᠡᠨ ᠥᠯᠥᠭᠡᠢ ᠶ᠋ᠢ ᠬᠣᠶᠠᠭᠤᠯᠠ
ᠵᠡᠬᠡᠭᠰᠡᠨ
ᠳᠡᠯᠡᠬᠡᠢ ᠳ᠋ᠦ᠍ ᠬᠥᠲᠥᠯᠦᠯᠴᠡᠬᠦ ᠵᠠᠶᠠᠭ᠎ᠠ ᠪᠠᠨ ᠬᠠᠶ᠋ᠢᠷᠠᠯᠠᠬᠤ ᠶᠤᠮ ᠳᠠ
ᠲᠦᠰᠢᠭᠲᠡᠶ᠋ᠢᠬᠡᠨ ᠬᠣᠶᠠᠷᠬᠠᠨ ᠰᠡᠳᠬᠢᠯ ᠳ᠋ᠦ᠍ ᠪᠡᠨ ᠣᠨ ᠵᠢᠯ ᠊ᠢ ᠬᠤᠪᠢᠶᠠᠯᠴᠠᠭᠰᠠᠭᠠᠷ
ᠲᠦᠮᠡᠨ ᠦ᠌ ᠳᠤᠮᠳᠠ ᠠ᠋ᠴᠠ ᠴᠢ ᠮᠢᠨᠢ ᠬᠥ ᠵᠡᠭᠦᠳᠦᠨ ᠳ᠋ᠦ᠍ ᠳᠠᠩᠴᠤ ᠢᠯᠡᠬᠡᠨ
ᠬᠠᠶ᠋ᠢᠷ᠎ᠠ ᠬᠠᠶ᠋ᠢᠷ᠎ᠠ ᠪᠠᠷ ᠢ᠋ᠶ᠋ᠠᠨ ᠡᠭᠡᠨᠡᠭᠰᠢᠨ ᠨᠡᠷᠡᠲᠦ ᠶ᠋ᠢ ᠨᠢᠭᠡᠯᠡ ᠡᠯᠡᠭᠡᠬᠦ
ᠬᠠᠨᠢ ᠮᠢᠨᠢ ᠪᠢ
ᠴᠢᠮᠠᠶ᠋ᠢ ᠪᠠᠨ ᠬᠠᠶ᠋ᠢᠷᠠᠯᠠᠭᠠᠳ ᠵᠢᠷᠭᠠᠭᠠᠬᠤ ᠶᠤᠮᠰᠠᠨ
ᠭᠡᠷ ᠪᠠᠭᠠᠨᠠᠳᠠᠭᠰᠠᠨ ᠪᠦᠯᠢ ᠶ᠋ᠢᠨ ᠢ᠋ᠶ᠋ᠡᠨ ᠡᠷᠦᠬᠡ ᠶ᠋ᠢ ᠦᠦᠷ ᠢ᠋ᠶ᠋ᠡᠷ ᠲᠠᠲᠠᠭᠰᠠᠨ
ᠭᠡᠭᠡᠨ ᠲᠤᠯᠭᠠᠨ ᠤ᠋ ᠭᠠᠯ ᠊ᠢ ᠨᠠᠷᠠᠨ ᠳ᠋ᠤ᠌ ᠡᠷᠭᠦᠵᠦ ᠲᠠᠬᠢᠭᠰᠠᠨ
ᠰᠠᠷ᠎ᠠ ᠵᠢᠯ ᠦ᠋ᠨ ᠰᠠᠭᠠᠯᠲᠠᠨ ᠳ᠋ᠤ᠌ ᠪᠠᠨ ᠪᠡᠶ᠎ᠡ ᠪᠠᠶᠠᠨ ᠢ᠋ᠶ᠋ᠠᠨ ᠠᠯᠳᠠᠷᠠᠭᠰᠠᠨ
ᠰᠠᠢᠬᠠᠨ ᠨᠠᠰᠤᠨ ᠤ᠋ ᠲᠦᠰᠢᠭ ᠮᠢᠨᠢ ᠴᠢ ᠰᠠᠨᠠᠭᠠᠨ ᠳ᠋ᠤ᠌ ᠳᠠᠩᠴᠤ ᠢᠯᠡᠬᠡᠨ
ᠬᠠᠶ᠋ᠢᠷ᠎ᠠ ᠬᠠᠶ᠋ᠢᠷ᠎ᠠ ᠪᠠᠷ ᠢ᠋ᠶ᠋ᠠᠨ ᠡᠭᠡᠨᠡᠭᠰᠢᠨ ᠨᠡᠷᠡᠲᠦ ᠶ᠋ᠢ ᠨᠢᠭᠡᠯᠡ ᠡᠯᠡᠭᠡᠬᠦ
ᠬᠠᠨᠢ ᠮᠢᠨᠢ ᠪᠢ
ᠴᠢᠮᠠᠶ᠋ᠢ ᠪᠠᠨ ᠬᠠᠶ᠋ᠢᠷᠠᠯᠠᠭᠠᠳ ᠵᠢᠷᠭᠠᠭᠠᠬᠤ ᠶᠤᠮᠰᠠᠨ
ᠬᠠᠶ᠋ᠢᠷ᠎ᠠ ᠬᠠᠶ᠋ᠢᠷ᠎ᠠ ᠪᠠᠷ ᠢ᠋ᠶ᠋ᠠᠨ ᠡᠭᠡᠨᠡᠭᠰᠢᠨ ᠨᠡᠷᠡᠲᠦ ᠶ᠋ᠢ ᠨᠢᠭᠡᠯᠡ ᠡᠯᠡᠭᠡᠬᠦ
ᠬᠠᠨᠢ ᠮᠢᠨᠢ ᠪᠢ
ᠴᠢᠮᠠᠶ᠋ᠢ ᠪᠠᠨ ᠬᠠᠶ᠋ᠢᠷᠠᠯᠠᠭᠠᠳ ᠵᠢᠷᠭᠠᠭᠠᠬᠤ ᠶᠤᠮᠰᠠᠨ
ᠬᠠᠨᠢ ᠮᠢᠨᠢ ᠪᠢ
ᠴᠢᠮᠠᠶ᠋ᠢ ᠪᠠᠨ ᠬᠠᠶ᠋ᠢᠷᠠᠯᠠᠭᠠᠳ ᠵᠢᠷᠭᠠᠭᠠᠬᠤ ᠶᠤᠮᠰᠠᠨ
ᠦᠰᠦᠭ ᠬᠠᠲᠠᠭᠴᠢ ᠄ ᠰᠡᠷᠭᠦᠯᠡᠩ
ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭᠰᠢ ᠄ ᠣᠤᠠᠬᠠᠨᠰᠣ᠎ᠠ
