ᠮᠥᠩᠬᠡ ᠲᠩᠷᠢ ᠶ᠋ᠢᠨ ᠬᠥᠴᠤᠨᠲᠤᠷМөнх тэнгэрийн хүчиндор ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠲᠩᠷᠢ ᠶ᠋ᠢᠨ ᠬᠥᠴᠤᠨᠲᠤᠷМөнх тэнгэрийн хүчиндор

ᠮᠥᠩᠬᠡ ᠲᠩᠷᠢ ᠶ᠋ᠢᠨ ᠬᠥᠴᠤᠨᠲᠤᠷМөнх тэнгэрийн хүчиндор

2023-04-27

454

ᠮᠥᠩᠬᠡ ᠲᠩᠷᠢ ᠶ᠋ᠢᠨ ᠬᠥᠴᠤᠨᠲᠤᠷ

ᠢᠵᠢᠯ ᠦ᠋ᠨ ᠴᠠᠭᠠᠨ᠎ᠠ ᠬᠣᠴᠣᠷᠤᠭᠰᠠᠨ ᠡᠯᠢᠭᠡᠨ ᠬᠠᠶ᠋ᠢᠷᠠᠲᠤ ᠬᠠᠯᠢᠮᠠᠭ ᠮᠢᠨᠢ
ᠢᠬᠢᠷ᠎ᠡ ᠶᠤᠮᠰᠢᠬ ᠵᠠᠶᠠᠭᠠᠭᠰᠠᠨ ᠡᠷᠬᠢᠮ ᠣᠯᠠᠨ ᠪᠤᠷᠢᠶᠠᠳ ᠮᠢᠨᠢ
ᠡᠵᠡᠷᠬᠡᠭ ᠦ᠋ᠨ ᠡᠷᠬᠡᠨ ᠳ᠋ᠦ᠍ ᠲᠠᠰᠤᠷᠠᠭᠰᠠᠨ ᠡᠩ ᠦᠭᠡᠢ ᠶᠡᠬᠡ ᠳᠤᠸᠠ ᠮᠢᠨᠢ
ᠡᠬᠡ ᠣᠷᠣᠨ ᠢ᠋ᠶ᠋ᠠᠨ ᠥᠪᠯᠡᠭᠰᠡᠨ ᠡᠷᠬᠡ ᠴᠢᠯᠥᠭᠡᠲᠦ ᠬᠠᠯᠬ᠎ᠠ ᠮᠢᠨᠢ
ᠠᠲᠠᠭᠠᠲᠠᠨ ᠪᠢᠰᠢ ᠠᠮᠠᠷᠠᠭ ᠠᠯᠠᠭ ᠮᠢᠬᠠᠨ ᠤ᠋ ᠲᠠᠲ᠋ᠠᠷ ᠦ᠋ᠳ ᠮᠢᠨᠢ
ᠠᠯᠲᠠᠢ ᠨᠤᠲᠤᠭ ᠢ᠋ᠶ᠋ᠠᠷ ᠨᠡᠷᠡᠶ᠋ᠢᠲᠦᠭᠰᠡᠨ ᠠᠭᠤᠤ ᠣᠯᠠᠨ ᠶᠠᠰᠤᠲᠠᠳ ᠮᠢᠨᠢ
ᠠᠹᠭᠠᠨᠢᠰᠲ᠋ᠠᠨ ᠳ᠋ᠤ᠌ ᠨᠤᠲᠤᠭᠰᠢᠭᠰᠠᠨ ᠡᠷᠡᠯᠬᠡᠭ ᠮᠢᠩᠭᠠᠨ ᠬᠠᠵᠠᠷᠠ ᠮᠢᠨᠢ
ᠠᠯᠤᠰ ᠬᠣᠯᠠ ᠬᠠᠨᠠᠰ ᠤ᠋ᠨ ᠠᠶᠠᠯᠭᠤᠲᠤ ᠰᠠᠢᠬᠠᠨ ᠲᠤᠸᠠᠴᠤᠳ ᠮᠢᠨᠢ
ᠬᠠᠯᠬᠠᠪᠴᠢ ᠬᠡᠷᠡᠮ ᠨᠢ ᠪᠣᠯᠤᠭᠰᠠᠨ ᠬᠠᠮᠤᠭ ᠣᠯᠠᠨ ᠥᠪᠤᠷᠴᠤᠳ ᠮᠢᠨᠢ
ᠬᠠᠷᠢ ᠶ᠋ᠢᠨ ᠨᠤᠲᠤᠭ ᠲᠤ᠌ ᠬᠤᠪᠢᠶᠠᠭᠳᠠᠭᠰᠠᠨ ᠬᠠᠷᠠᠴᠠᠨ ᠂ ᠭᠣᠷᠯᠣᠰ ᠂ ᠳᠥᠷᠪᠡᠳ ᠦ᠋ᠳ ᠮᠢᠨᠢ
ᠬᠠᠭᠠᠨ ᠲᠥᠷᠥ ᠶ᠋ᠢᠨ ᠳᠣᠪᠲᠣᠯᠭᠠᠨ ᠢ᠋ᠶ᠋ᠠᠷ ᠬᠠᠭᠠᠴᠠᠨ ᠳᠠᠪᠬᠢᠭᠰᠠᠨ ᠤᠭᠰᠠᠭᠠᠲᠠᠳ ᠮᠢᠨᠢ
ᠬᠠᠮᠢᠭ᠎ᠠ ᠬᠣᠯᠠ ᠶ᠋ᠢᠨ ᠨᠤᠲᠤᠭ ᠢ᠋ᠶ᠋ᠠᠷ ᠬᠠᠷᠢᠯᠠᠨ ᠰᠠᠭᠤᠭᠰᠠᠨ ᠪᠤᠲᠠᠷᠬᠠᠢ ᠮᠢᠨᠢ
ᠳᠡᠯᠡᠬᠡᠢ ᠶ᠋ᠢᠨ ᠨᠢᠷᠤᠭᠤᠨ ᠳ᠋ᠤ᠌ ᠨᠤᠲᠤᠭᠰᠢᠭᠰᠠᠨ ᠳᠡᠭᠡᠳᠦ ᠮᠣᠩᠭᠣᠯ ᠲᠦᠮᠡᠨ ᠮᠢᠨᠢ
ᠳᠡᠭᠡᠳᠦᠰ ᠦ᠋ᠨ ᠤᠳᠤᠮ ᠢ᠋ᠶ᠋ᠠᠨ ᠮᠠᠷᠲᠠᠭ᠎ᠠ ᠦᠭᠡᠢ ᠳᠡᠯᠭᠡᠷ ᠣᠯᠠᠨ ᠤᠭᠰᠠᠭᠠᠲᠠᠳ ᠮᠢᠨᠢ
ᠳ᠋ᠦ᠍  ᠳ᠋ᠦ᠋ᠩᠰᠢᠶᠠᠩ  ᠶᠤᠭᠤᠷ ᠁ ᠭᠡᠵᠦ ᠨᠡᠷ᠎ᠡ ᠥᠭᠡᠷᠡᠲᠡᠭᠰᠡᠨ ᠠᠷᠠᠳ ᠮᠢᠨᠢ
ᠲᠦᠮᠡ ᠲᠦᠮᠡᠨ ᠶᠣᠷᠣᠯᠠᠯ ᠢ᠋ᠶ᠋ᠠᠷ ᠲᠡᠦᠬᠡ ᠪᠡᠨ ᠮᠠᠷᠲᠠᠭᠰᠠᠨ ᠠᠬᠠᠨ ᠳᠡᠭᠥᠤᠰ ᠮᠢᠨᠢ 

ᠲᠥᠷᠥᠭ ᠂ ᠲᠦᠩᠭᠦᠰ ᠭᠠᠷᠤᠯ ᠲᠠᠢ ᠣᠢᠷᠠᠬᠠᠨ ᠶᠠᠪᠤᠭᠰᠠᠨ ᠨᠡᠶ᠋ᠢᠵᠠᠳ ᠮᠢᠨᠢ
ᠲᠥᠷᠥ ᠶ᠋ᠢᠨ ᠶᠡᠬᠡ ᠲᠤᠯᠭᠠᠭᠤᠷᠢ ᠶ᠋ᠢ ᠲᠦᠰᠢᠵᠦ ᠶᠠᠪᠤᠭᠰᠠᠨ ᠠᠨᠳᠠ ᠦ᠋ᠳ ᠮᠢᠨᠢ
ᠬᠠᠮᠤᠭ ᠮᠣᠩᠭᠣᠯ ᠤᠯᠤᠰ ᠤ᠋ᠨ ᠬᠠᠨ᠎ᠠ ᠨᠢ ᠪᠣᠯᠤᠭᠰᠠᠨ ᠠᠷᠠᠳ ᠦ᠋ᠳ ᠮᠢᠨᠢ
ᠬᠠᠭᠠᠴᠠᠵᠤ ᠲᠠᠰᠤᠷᠠᠵᠤ ᠪᠣᠯᠣᠰᠢ ᠦᠭᠡᠢ ᠬᠠᠶ᠋ᠢᠷᠠᠨ ᠶᠡᠬᠡ ᠭᠦᠷᠦᠨ ᠮᠢᠨᠢ
ᠬᠠᠭᠠᠨ ᠴᠢᠩᠭᠢᠰ ᠡᠴᠡ ᠥᠪᠯᠡᠭᠰᠡᠨ ᠬᠠᠯᠠᠭᠤᠨ ᠴᠢᠰᠤᠨ ᠤ᠋ ᠦᠰᠦᠷᠬᠡᠢ ᠮᠢᠨᠢ
ᠬᠠᠲᠤᠨ ᠪᠥᠷᠲᠡ ᠡᠴᠡ ᠤᠷᠭᠤᠭᠰᠠᠨ ᠤᠯᠠᠭᠠᠨ ᠮᠢᠬᠠᠨ ᠤ᠋ ᠲᠠᠰᠤᠷᠬᠠᠢ ᠮᠢᠨᠢ
ᠡᠪᠲᠡᠢ ᠪᠠᠶ᠋ᠢᠪᠠᠯ ᠬᠦᠴᠦᠲᠡᠢ ᠡᠯᠢᠭᠡ ᠵᠢᠷᠦᠬᠡᠨ ᠦ᠌ ᠴᠣᠬᠢᠯᠭ᠎ᠠ ᠮᠢᠨᠢ
ᠡᠷᠭᠢᠵᠦ ᠵᠠᠩᠭᠢᠳᠬᠤ ᠪᠠᠷ ᠲᠡᠮᠡᠦᠯᠬᠦ ᠡᠷᠴᠢ ᠬᠦᠴᠦᠨ ᠦ᠌ ᠳᠣᠯᠭᠢᠰᠤᠯ ᠮᠢᠨᠢ 

ᠬᠥᠭᠯᠡᠭᠡᠷ ᠶᠡᠬᠡ ᠠᠯᠲᠠᠢ ᠠ᠋ᠴᠠ ᠬᠦᠴᠦ ᠠᠪᠤᠭᠰᠠᠨ ᠬᠠᠮᠤᠭ ᠮᠢᠨᠢ
ᠬᠥᠯᠥᠨ ᠪᠣᠶ᠋ᠢᠷ ᠪᠠᠶ᠋ᠢᠭᠠᠯ ᠠ᠋ᠴᠠ ᠵᠢᠰᠦ ᠠᠪᠤᠭᠰᠠᠨ ᠮᠣᠩᠭᠣᠯ ᠮᠢᠨᠢ
ᠬᠥᠬᠡ ᠨᠠᠭᠤᠷ ᠬᠠᠨᠠᠰ ᠠ᠋ᠴᠠ ᠳᠡᠪᠳᠡᠷᠢᠨ ᠨᠢᠰᠬᠦ ᠰᠢᠪᠠᠭᠤᠳ ᠮᠢᠨᠢ
ᠬᠥᠳᠡᠭᠡ ᠠᠷᠠᠯ ᠂ ᠪᠤᠷᠬᠠᠨ ᠬᠠᠯᠳᠤᠨ ᠊ᠢ ᠵᠣᠷᠢᠨ ᠲᠡᠮᠡᠦᠯᠬᠦ ᠠᠮᠢ ᠮᠢᠨᠢ
ᠨᠠᠷᠮᠠᠢ ᠶᠡᠬᠡ ᠮᠣᠩᠭᠣᠯ ᠤ᠋ᠨ ᠨᠠᠯᠠᠭᠠᠷ ᠥᠷᠭᠡᠨ ᠨᠤᠲᠤᠭ ᠮᠢᠨᠢ
ᠨᠠᠰᠤ ᠨᠠᠰᠤᠨ ᠳ᠋ᠤ᠌ ᠪᠠᠨ ᠵᠢᠷᠭᠠᠮᠠᠷ ᠨᠡᠷᠡᠲᠦ ᠶ᠋ᠢᠨ ᠶᠡᠬᠡ ᠣᠷᠣᠨ ᠮᠢᠨᠢ
ᠨᠠᠪᠴᠢ ᠪᠦᠬᠦᠨ ᠳ᠋ᠦ᠍ ᠨᠢ ᠰᠢᠩᠭᠡᠭᠰᠡᠨ ᠤᠷᠲᠤ ᠶ᠋ᠢᠨ ᠳᠠᠭᠤᠨ ᠤ᠋ ᠡᠭᠡᠰᠢᠭᠯᠢᠭ ᠮᠢᠨᠢ
ᠨᠠᠷᠠᠨ ᠰᠠᠷᠠᠨ ᠤᠲᠠᠰᠤᠨ ᠳ᠋ᠤ᠌ ᠨᠢ ᠬᠣᠷᠸ᠋᠎ᠠ ᠡᠷᠭᠢᠭᠰᠡᠨ ᠬᠤᠭᠤᠷ ᠮᠢᠨᠢ
ᠠᠭᠤᠯᠠ ᠠᠭᠤᠯᠠ ᠶ᠋ᠢᠨ ᠥᠨᠲᠡᠯᠵᠡᠭᠡᠨ ᠢ᠋ᠶ᠋ᠡᠷ ᠤᠷᠭᠤᠵᠤ ᠥᠭᠡᠳᠡᠯᠡᠬᠦ ᠣᠷᠣᠨ ᠮᠢᠨᠢ
ᠤᠰᠤ ᠤᠰᠤᠨ ᠤ᠋ ᠴᠢᠮᠡᠭᠡ ᠪᠡᠷ ᠯᠤᠭᠰᠢᠨ ᠤᠷᠤᠰᠬᠤ ᠭᠠᠵᠠᠷ ᠮᠢᠨᠢ
ᠬᠥᠬᠡ ᠲᠩᠷᠢ ᠡᠴᠡ ᠵᠠᠶᠠᠭᠠᠭᠰᠠᠨ ᠬᠥᠮᠦᠨ ᠦ᠌ ᠳᠡᠭᠡᠳᠦ ᠮᠣᠩᠭᠣᠯ ᠮᠢᠨᠦ
ᠬᠥᠷᠥᠰᠥᠲᠦ ᠡᠬᠡ ᠪᠡᠨ ᠬᠠᠮᠠᠭᠠᠯᠠᠭᠰᠠᠨ ᠬᠦᠴᠦᠲᠦ ᠶᠡᠬᠡ ᠮᠣᠩᠭᠣᠯ ᠮᠢᠨᠦ
ᠲᠡᠦᠬᠡ ᠶ᠋ᠢ ᠪᠢᠳᠡ ᠮᠠᠷᠲᠠᠭᠰᠠᠨ ᠴᠤ᠌ ᠲᠡᠦᠬᠡ ᠪᠢᠳᠡᠨ ᠊ᠢ ᠮᠠᠷᠲᠠᠭ᠎ᠠ ᠦᠭᠡᠢ
ᠲᠦᠮᠡᠨ ᠦ᠌ ᠳᠤᠮᠳᠠ ᠴᠠᠴᠤᠭᠳᠠᠭᠰᠠᠨ ᠴᠤ᠌ ᠲᠥᠷᠥ ᠶ᠋ᠢᠨ ᠭᠣᠯᠣᠮᠲᠠ ᠠᠯᠳᠠᠷᠠᠭ᠎ᠠ ᠦᠭᠡᠢ
ᠲᠥᠷᠥᠬᠦ ᠡᠴᠡ ᠦᠬᠦᠬᠦ ᠬᠦᠷᠲᠡᠯᠡᠬᠢ ᠠᠯᠲᠠ ᠮᠡᠲᠦ ᠣᠷᠣᠨ ᠵᠠᠢ ᠮᠢᠨᠢ
ᠦᠬᠦᠬᠦ ᠡᠴᠡ ᠲᠥᠷᠥᠬᠦ ᠬᠦᠷᠲᠡᠯᠡᠬᠢ ᠠᠮᠢ ᠨᠠᠰᠤᠨ ᠤ᠋ ᠭᠣᠯᠣᠮᠲᠠ ᠮᠢᠨᠢ
ᠮᠥᠩᠬᠡ ᠲᠩᠷᠢ ᠶ᠋ᠢᠨ ᠬᠥᠴᠤᠨᠲᠤᠷ !

   ᠦᠰᠦᠭ ᠠᠮᠢᠯᠠᠭᠤᠯᠤᠭᠴᠢ ᠄   ᠣᠶᠤᠨᠪᠢᠯᠢᠭ᠌
   ᠬᠢᠨᠠᠭᠴᠢ ᠄ ᠣᠤᠠᠬᠠᠨᠰᠣ᠎ᠡ