ᠪᠤᠮᠪᠠ ᠶᠢᠨ ᠣᠷᠣᠨ ᠰᠢᠭ᠋ ᠪᠤᠳᠠᠷ ᠨᠤᠲᠤᠭ- ᠬᠦᠷᠡᠯᠪᠠᠭᠠᠲᠦᠷ ᠤᠨ ᠪᠦᠬᠡᠪᠢᠯᠢᠭБумбын орон шиг бутар нутаг-Хүрэлбаатарын бөхбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠮᠪᠠ ᠶᠢᠨ ᠣᠷᠣᠨ ᠰᠢᠭ᠋ ᠪᠤᠳᠠᠷ ᠨᠤᠲᠤᠭ- ᠬᠦᠷᠡᠯᠪᠠᠭᠠᠲᠦᠷ ᠤᠨ ᠪᠦᠬᠡᠪᠢᠯᠢᠭБумбын орон шиг бутар нутаг-Хүрэлбаатарын бөхбилэг

ᠪᠤᠮᠪᠠ ᠶᠢᠨ ᠣᠷᠣᠨ ᠰᠢᠭ᠋ ᠪᠤᠳᠠᠷ ᠨᠤᠲᠤᠭ- ᠬᠦᠷᠡᠯᠪᠠᠭᠠᠲᠦᠷ ᠤᠨ ᠪᠦᠬᠡᠪᠢᠯᠢᠭБумбын орон шиг бутар нутаг-Хүрэлбаатарын бөхбилэг

ᠠᠩᠭᠢᠯᠠᠯ:ᠳᠠᠭᠤᠤ ᠬᠥᠭᠵᠢᠮ
2023-04-27

293

ᠪᠤᠮᠪᠠ ᠶᠢᠨ ᠣᠷᠣᠨ ᠰᠢᠭ᠋ ᠪᠤᠳᠠᠷ ᠨᠤᠲᠤᠭ

   ᠦᠭᠡ ᠄ ᠶᠤᠡᠳᠦᠡ ᠶ᠋ᠢᠨ ᠡᠷᠳᠡᠨᠢᠲᠣᠭᠲᠠᠬᠤ

   ᠠᠶ᠎ᠠ ᠄ ᠫᠤᠩᠰᠤᠭᠳᠠᠡᠽᠠᠠ ᠶ᠋ᠢᠨ ᠪᠤᠶᠠᠡᠵᠢᠷᠭᠠᠯ
   ᠺᠢᠯᠢᠪ ᠵᠢᠷᠤᠭᠯᠠᠭᠠᠴᠢ ᠄ ᠬᠦᠰᠡᠯᠡᠩ
         (
 ᠳᠤᠷᠠᠨ ᠭᠡᠷᠡᠯ ᠵᠢᠷᠤᠭ )
   ᠳᠠᠭᠤᠴᠢᠨ ᠄ ᠬᠦᠷᠡᠯᠪᠠᠭᠠᠲᠦᠷ ᠦ᠋ᠨ ᠪᠦᠬᠡᠪᠢᠯᠢᠭ


1.

ᠲᠡᠭᠷᠢ ‍ᠶ᠋ᠢᠨ ᠬᠠᠶᠠᠭᠠᠨ ᠠ᠋ᠴᠠ ᠣᠷᠭᠣᠭᠠᠳ ᠭᠠᠷᠳᠠᠭ
ᠬᠤᠷ᠎ᠠ ‍ᠶ᠋ᠢᠨ ᠴᠡᠩᠬᠡᠷ ᠡᠭᠦᠯᠡ ᠨᠢ ᠪᠤᠳᠠᠷ
ᠲᠠᠯ᠎ᠠ ᠪᠠᠨ ᠪᠦᠷᠬᠦᠨ ᠪᠡᠯᠴᠢᠭᠡᠳ ᠢᠷᠡᠳᠡᠭ
ᠳᠠᠷᠬᠠᠨ ᠴᠠᠭᠠᠨ ᠬᠣᠨᠢ ᠨᠢ ᠪᠤᠳᠠᠷ
2.

ᠦᠶ᠎ᠡ ᠦᠶ᠎ᠡ ᠪᠡᠷ ᠥᠨᠳᠥᠷᠯᠡᠭᠡᠳ ᠪᠠᠶ᠋ᠢᠳᠠᠭ
ᠦᠷᠦᠮᠡᠯ ᠢᠳᠡᠭᠡᠨ ᠰᠢᠭ ᠲᠠᠩᠰᠤᠭ ᠪᠤᠳᠠᠷ
ᠥᠷᠯᠥᠭ ᠪᠦᠷᠭᠦᠳ ᠬᠠᠷᠠᠭᠤᠯᠳᠠᠨ ᠰᠠᠭᠤᠭᠰᠠᠨ
ᠥᠨᠳᠥᠷ ᠲᠡᠭᠷᠢ ‍ᠶ᠋ᠢᠨ ᠰᠠᠬᠢᠭᠤᠰᠤ ᠲᠠᠢ ᠪᠤᠳᠠᠷ
ᠪᠣᠷ ᠪᠣᠷ ᠪᠣᠷᠣᠭᠠᠨ ᠰᠢᠪᠡᠷᠡᠭᠡᠳ
ᠪᠤᠳᠠᠷ ᠪᠤᠳᠠᠷ ᠰᠠᠯᠬᠢ ᠨᠢ ᠰᠡᠪᠢᠯᠵᠡᠭᠡᠳ
ᠪᠤᠮᠪᠠ ‍ᠶ᠋ᠢᠨ ᠣᠷᠣᠨ ᠰᠢᠭ᠋ ᠰᠠᠢᠬᠠᠨ ᠨᠤᠲᠤᠭ ᠠ᠋ ᠬᠥ
3. 

ᠬᠠᠨᠠᠲᠤ ᠭᠡᠷ ᠦ᠋ᠨ ᠮᠢᠨᠢ ᠲᠣᠭᠣᠨᠣ ᠪᠠᠷ ᠬᠠᠷᠠᠭᠳᠠᠭᠰᠠᠨ
ᠬᠠᠨ ᠠᠪᠤ ‍ᠶ᠋ᠢᠨ ᠮᠢᠨᠢ ᠲᠦᠰᠢᠭ ᠲᠡᠢ ᠪᠤᠳᠠᠷ ᠠ᠋
ᠬᠠᠯᠠᠭᠤᠨ ᠡᠩᠭᠡᠷ ᠲᠡᠭᠡᠨ ᠦᠷᠡᠰ ᠢ᠋ᠶ᠋ᠡᠨ ᠪᠦᠪᠡᠶ᠋ᠢᠯᠡᠭᠰᠡᠡ
ᠬᠠᠲᠤᠨ ᠡᠵᠢ ‍ᠶ᠋ᠢᠨ ᠥᠮᠥᠭ ᠲᠡᠢ ᠪᠤᠳᠠᠷ ᠠ᠋
ᠪᠣᠷ ᠪᠣᠷ ᠪᠣᠷᠣᠭᠠᠨ ᠰᠢᠪᠡᠷᠡᠭᠡᠳ
ᠪᠤᠳᠠᠷ ᠪᠤᠳᠠᠷ ᠰᠠᠯᠬᠢ ᠨᠢ ᠰᠡᠪᠢᠯᠵᠡᠭᠡᠳ
ᠪᠤᠮᠪᠠ ‍ᠶ᠋ᠢᠨ ᠣᠷᠣᠨ ᠰᠢᠭ᠋ ᠰᠠᠢᠬᠠᠨ ᠨᠤᠲᠤᠭ ᠠ᠋ ᠬᠥ
4. 

ᠰᠦᠭ ᠵᠢᠷᠤᠭ ᠲᠠᠢ ᠬᠠᠳᠠᠳ ᠨᠢ ᠬᠥᠭᠯᠡᠷᠡᠭᠡᠳ
ᠰᠦᠵᠢᠭ ᠨᠡᠮᠡᠭᠰᠡᠨ ᠰᠢᠳᠢ ᠲᠡᠢ ᠪᠤᠳᠠᠷ ᠠ᠋
ᠰᠡᠨᠵᠢᠲᠦ ᠬᠠᠳᠠ ᠪᠠᠷ ᠨᠢ ᠨᠠᠷᠠᠨ ᠥᠩᠭᠡᠶ᠋ᠢᠭᠡᠳ
ᠰᠡᠳᠬᠢᠯ ᠠᠷᠢᠭᠤᠰᠤᠭᠰᠠᠨ ᠪᠤᠷᠬᠠᠨ ᠪᠤᠳᠠᠷ ᠠ᠋
ᠪᠣᠷ ᠪᠣᠷ ᠪᠣᠷᠣᠭᠠᠨ ᠰᠢᠪᠡᠷᠡᠭᠡᠳ
ᠪᠤᠳᠠᠷ ᠪᠤᠳᠠᠷ ᠰᠠᠯᠬᠢ ᠨᠢ ᠰᠡᠪᠢᠯᠵᠡᠭᠡᠳ
ᠪᠤᠮᠪᠠ ‍ᠶ᠋ᠢᠨ ᠣᠷᠣᠨ ᠰᠢᠭ᠋ ᠰᠠᠢᠬᠠᠨ ᠨᠤᠲᠤᠭ ᠠ᠋ ᠬᠥ
ᠪᠤᠮᠪᠠ ‍ᠶ᠋ᠢᠨ ᠣᠷᠣᠨ ᠰᠢᠭ᠋ ᠰᠠᠢᠬᠠᠨ ᠨᠤᠲᠤᠭ ᠠ᠋ ᠬᠥ


   ᠪᠢᠮᠪᠠ ᠪᠠᠭᠰᠠᠢ ᠳᠦᠷᠢ ᠰᠢᠩᠭᠡᠭᠡᠯᠲᠡ ‍ᠶ᠋ᠢ ᠬᠠᠩᠭᠠᠪᠠ ᠃

   ᠦᠰᠦᠭ  ᠢ᠋ ᠰᠡᠴᠡᠩᠬᠤᠸᠠᠷ ᠠᠮᠢᠯᠠᠭᠤᠯᠪᠠ ᠃
   ᠡᠷᠬᠢᠮ ᠪᠠᠭᠰᠠᠢ ᠨᠠᠷ ᠬᠢᠨᠠᠵᠤ ᠦᠵᠡᠬᠦ ᠪᠣᠯᠪᠠ ‍ᠤᠤ ?