ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ-2-01 ишданзанваанжлийн ирээдүйд нийтлэх шүлэг-Хоёрдугаар бөлөг
ᠬᠣᠶᠠᠳᠤᠭᠠᠷ ᠪᠦᠯᠦᠭ ᠢᠰᠢᠳᠠᠨᠽᠠᠨᠸᠠᠩᠵᠢᠯ ᠤ᠋ᠨ ᠢᠷᠡᠭᠡᠳᠦᠢ ᠳ᠋ᠦ᠍ ᠨᠡᠢᠲᠡᠯᠡᠬᠦ ᠰᠢᠯᠦᠭ
ᠡᠰᠢ ᠣᠨᠣᠯ ᠲᠡᠭᠦᠰ ᠱᠠᠰᠢᠨ ᠨᠣᠮᠯᠠᠯ ᠶᠣᠰᠣ ᠪᠠᠷ ᠂
ᠢᠯᠡᠷᠬᠡᠶ᠋ᠢᠶᠡ ᠶᠣᠺᠠᠽᠠᠷᠢ ᠶᠡᠬᠡ ᠬᠥᠯᠭᠡ ᠪᠣᠣᠺᠠᠯᠢᠬ ᠂
ᠢᠨᠠᠳᠤ ᠪᠠ ᠴᠢᠨᠠᠳᠤᠰ ᠤ᠋ᠨ ᠪᠡᠯᠭᠡ ᠪᠢᠯᠢᠭ ᠦ᠋ᠨ ᠷᠠᠤᠠᠲᠢ ᠪᠠᠷ ᠂
ᠢᠯᠡᠷᠬᠡᠶ᠋ᠢᠶᠡ ᠲᠤᠭᠤᠯᠵᠤ ᠬᠤᠲᠤᠭ ᠣᠯᠬᠤ ᠪᠣᠯᠲᠤᠭᠠᠢ ᠃
ᠬᠦᠷᠡᠩ ᠰᠢᠷ᠎ᠠ ᠬᠤᠪᠴᠠᠰᠤ ᠶ᠋ᠢ ᠪᠠᠶᠠᠨ ᠳ᠋ᠠᠭᠠᠨ ᠡᠮᠦᠰᠦᠨ ᠂
ᠭᠣᠨᠴᠣᠭ ᠰᠦᠮ᠎ᠡ ᠶ᠋ᠢᠨ ᠵᠠᠷᠯᠢᠭ ᠨᠣᠮ ᠊ᠢ ᠵᠢᠷᠦᠬᠡᠨ ᠳ᠋ᠦ᠍ᠷ ᠪᠢᠰᠢᠯᠭᠠᠨ ᠂
ᠬᠦᠨᠲᠦᠯᠡᠭᠲᠡᠨ ᠰᠢᠲᠤᠭᠳᠡᠵᠦ ᠣᠷᠣᠢ ᠶ᠋ᠢᠨ ᠴᠢᠮᠡᠭ ᠪᠣᠯᠤᠭᠴᠢ ᠂
ᠬᠥᠮᠦᠨ ᠪᠣᠯᠤᠨ ᠲᠥᠷᠥᠭᠰᠡᠳ ᠦ᠋ᠨ ᠡᠷᠬᠢᠮ ᠮᠠᠩᠯᠠᠢ ᠬᠤᠸᠠᠷᠠᠭ ᠃
ᠪᠠᠳᠢᠷ ᠶᠡᠬᠡ ᠠᠶᠠᠭ᠎ᠠ ᠪᠠᠨ ᠪᠠᠷᠠᠭᠤᠨ ᠭᠠᠷ ᠲᠤᠷ ᠪᠠᠷᠢᠭᠠᠳ ᠂
ᠪᠠᠲᠤ ᠲᠦᠮᠡᠨ ᠰᠦᠰᠦᠭᠲᠡᠨ ᠦ᠌ ᠮᠠᠩᠵᠠ ᠴᠠᠪ ᠊ᠢ ᠬᠦᠷᠲᠡᠭᠡᠳ ᠂
ᠪᠠᠰᠠ ᠨᠣᠮ ᠤ᠋ᠨ ᠬᠦᠨᠡᠰᠦ ᠪᠠ ᠪᠠᠷᠢᠯᠭ᠎ᠠ ᠶ᠋ᠢ ᠠᠪᠤᠭᠴᠢ ᠂
ᠪᠠᠭᠰᠢ ᠪᠯᠠᠮ᠎ᠡ ᠶ᠋ᠢᠨ ᠠᠴᠢ ᠲᠤᠰᠠ ᠮᠦᠬᠦᠲᠡᠯ ᠦᠭᠡᠢ ᠠᠵᠤᠭᠤ ᠃
ᠢᠯᠠᠩᠭᠤᠶ᠎ᠠ ᠪᠤᠶᠠᠨᠲᠠᠨ ᠤ᠋ ᠰᠦᠰᠦᠭ ᠴᠠᠭᠠᠨ ᠬᠡᠰᠢᠭ ᠊ᠢ ᠂
ᠢᠯᠭᠠᠯᠲᠠᠶᠠ ᠠᠮᠠᠷᠬᠠᠨ ᠢ᠋ᠶ᠋ᠠᠷ ᠡᠯᠪᠡᠭ ᠳᠡᠯᠪᠡᠭ ᠣᠯᠤᠭᠠᠳ ᠂
ᠢᠳᠡᠬᠦ ᠪᠠ ᠡᠮᠦᠰᠬᠦᠢ ᠳ᠋ᠦ᠍ᠷ ᠵᠣᠪᠠᠯ ᠦᠯᠦ ᠡᠳ᠋ᠯᠡᠭᠴᠢ ᠂
ᠡᠶ᠋ᠢᠮᠦ ᠰᠠᠢᠬᠠᠨ ᠵᠢᠷᠭᠠᠯᠠᠩ ᠊ᠢ ᠴᠢᠮᠠᠯᠠᠵᠤ ᠪᠣᠯᠬᠤ ᠤᠤ ᠃
ᠬᠢᠯᠢᠨᠴᠡᠲᠦ ᠡᠮ᠎ᠡ ᠭᠡᠷᠦᠨ ᠲᠦᠢᠳᠬᠡᠷ ᠶᠡᠷᠦ ᠦᠭᠡᠶ᠋ᠢᠭᠦᠦ ᠂
ᠬᠡᠯᠮᠡᠭᠲᠡᠬᠦ ᠡᠯᠪᠡᠭ ᠥᠷᠢ ᠶ᠋ᠢᠨ ᠭᠠᠮᠰᠢᠭ ᠪᠠᠰᠠ ᠦᠭᠡᠶ᠋ᠢᠭᠦᠦ ᠂
ᠭᠡᠶ᠋ᠢᠳ ᠭᠠᠵᠠᠷ ᠣᠷᠣᠰᠢᠵᠤ ᠬᠤᠷᠠᠯ ᠪᠤᠶᠠᠨ ᠲᠡᠭᠦᠯᠳᠡᠷ ᠂
ᠬᠡᠵᠢᠶᠡᠳᠡ ᠠᠮᠤᠷᠯᠢᠩᠭᠤᠢ ᠨᠣᠮ ᠤ᠋ᠨ ᠠᠴᠢ ᠪᠢᠰᠢ ᠦᠦ?
ᠣᠯᠢᠭ ᠦᠭᠡᠢ ᠡᠨᠡ ᠴᠠᠭ ᠤ᠋ᠨ ᠣᠨᠣᠯ ᠦᠭᠡᠢ ᠵᠠᠷᠢᠮ ᠦ᠋ᠳ ᠂
ᠤᠴᠠᠷᠠᠬᠤ ᠬᠢᠯᠪᠠᠷ ᠦᠭᠡᠢ ᠱᠠᠵᠢᠨ ᠨᠣᠮ ᠊ᠢ ᠬᠥᠩᠭᠡᠯᠡᠨ ᠂
ᠣᠭᠣᠭᠠᠲᠠ ᠰᠤᠯᠠ ᠴᠢᠨᠠᠷ ᠲᠠᠰᠢᠶᠠᠷᠠᠨ ᠳᠠᠭᠠᠵᠤ ᠂
ᠣᠯᠪᠤᠷᠢᠯᠳᠤ ᠱᠠᠭᠱᠠᠪᠠᠳ ᠤ᠋ᠨ ᠦᠨᠳᠦᠰᠦ ᠪᠡᠨ ᠬᠣᠣᠷᠯᠠᠮᠤᠢ ᠃
ᠬᠤᠨᠳᠠᠭ᠎ᠠ ᠪᠠ ᠠᠰᠢᠭ ᠬᠢᠭᠡᠳ ᠥᠩᠭᠡ ᠬᠢᠯᠢᠩ ᠳᠥᠷᠪᠡ ᠪᠡᠷ ᠂
ᠬᠣᠪᠳᠣᠭ ᠰᠢᠨᠤᠯ ᠲᠠᠴᠢᠶᠠᠩᠭᠤᠢ ᠬᠣᠷᠣᠰᠤᠯᠳᠤ ᠪᠣᠯᠤᠭᠠᠳ ᠂
ᠬᠣᠯᠠᠲᠤᠮᠭᠠᠢ ᠬᠤᠷᠢᠴᠠᠩᠭᠤᠢ ᠣᠮᠣᠭ ᠮᠤᠩᠬᠠᠭ ᠦ᠋ᠳ ᠲᠣᠷ ᠂
ᠬᠣᠣᠷᠯᠠᠯ ᠬᠢᠭᠡᠳ ᠨᠢᠭᠦᠯ ᠵᠣᠪᠠᠯ ᠭᠤᠲᠤᠮᠰᠢᠭ ᠲᠤᠷ ᠬᠥᠷᠥᠮᠦᠢ ᠃
ᠪᠣᠳᠣᠯ ᠦᠭᠡᠢ ᠵᠠᠷᠢᠮ ᠦ᠋ᠳ ᠢ᠋ᠶ᠋ᠡᠷ ᠥᠪᠡᠷ᠎ᠡ ᠤᠪ ᠲᠤ᠌ ᠮᠤᠩᠬᠠᠷᠠᠨ ᠂
ᠪᠤᠷᠬᠠᠨ ᠱᠠᠵᠢᠨ ᠰᠤᠷᠲᠠᠬᠤᠨ ᠊ᠢ ᠪᠤᠰᠤ ᠭᠡᠮᠡᠨ ᠨᠣᠮᠯᠠᠮᠤᠢ ᠂
ᠪᠤᠷᠤᠭᠤ ᠦᠵᠡᠯ ᠬᠡᠲᠦᠷᠡᠵᠦ ᠭᠠᠵᠢᠭᠤ ᠲᠠᠷᠨᠢ ᠡᠲᠡᠭᠡᠳ ᠂
ᠪᠤᠭᠤᠷᠤᠯ ᠦ᠋ᠳ ᠦ᠋ᠨ ᠪᠤᠷᠬᠠᠨ ᠨᠣᠮ ᠊ᠢ ᠪᠤᠭ ᠰᠢᠷᠣᠢ ᠪᠣᠯᠭᠠᠮᠤᠢ ᠃
ᠭᠡᠭᠡᠳ ᠪᠣᠭᠳᠠ ᠶ᠋ᠢ ᠭᠡᠷᠡᠴᠢᠯᠡᠨ ᠰᠠᠬᠢᠯ ᠰᠠᠨᠸᠠᠷ ᠠᠪᠴᠤᠬᠤᠢ ᠂
ᠭᠡᠶ᠋ᠢᠳ ᠦ᠋ᠨ ᠬᠡᠷᠡᠭ ᠣᠰᠣᠯᠳᠠᠵᠤ ᠭᠡᠷ ᠦ᠋ᠨ ᠬᠢᠳᠡᠯ ᠬᠡᠮᠡᠮᠦᠢ ᠂
ᠬᠡᠲᠦᠷᠡᠭᠡᠳ ᠡᠮᠡᠰ ᠥᠬᠢᠳ ᠡᠵᠡᠷᠬᠡᠵᠦ ᠶᠠᠪᠤᠭᠴᠢ ᠂
ᠭᠡᠯᠦᠩ ᠭᠡᠰᠦᠯ ᠬᠡᠮᠡᠭᠰᠡᠨ ᠦ᠌ ᠠᠴᠢ ᠲᠤᠰᠠ ᠬᠠᠮᠢᠭ᠎ᠠ ᠃
ᠳᠦᠷᠰᠦ ᠦᠭᠡᠢ ᠬᠢᠯᠢᠨᠴᠡᠰ ᠦ᠋ᠨ ᠨᠢᠰᠸᠠᠨᠢᠰ ᠲᠤᠷ ᠲᠦᠯᠡᠭᠡᠲᠡᠨ ᠂
ᠲᠥᠷᠥᠯᠬᠢ ᠪᠡᠨ ᠪᠠᠲᠤᠯᠠᠬᠤ ᠲᠠᠮᠢᠷ ᠦᠭᠡᠢ ᠠᠲᠠᠯ᠎ᠠ ᠂
ᠲᠥᠯᠭᠡ ᠢᠷᠣ᠎ᠠ ᠪᠠᠭᠤᠯᠭᠠᠵᠤ ᠭᠠᠢ ᠳ᠋ᠤ᠌ ᠭᠠᠷᠭᠠᠨ ᠶᠠᠪᠤᠭᠴᠢ ᠂
ᠲᠥᠯᠥᠭᠡᠯᠡᠨ ᠠᠪᠤᠷᠠᠬᠤ ᠶ᠋ᠢᠨ ᠴᠢᠳᠠᠯ ᠬᠦᠴᠦᠨ ᠬᠠᠮᠢᠭ᠎ᠠ ᠃
ᠪᠡᠶ᠎ᠡ ᠬᠡᠯᠡᠨ ᠲᠡᠭᠦᠨᠴᠢᠯᠡᠨ ᠰᠡᠳᠬᠢᠯ ᠦ᠋ᠳ ᠭᠤᠷᠪᠠ ᠪᠠ ᠂
ᠪᠢᠰᠢᠷᠡᠩᠭᠦᠢ ᠶ᠋ᠢᠨ ᠬᠠᠲᠠᠭᠤᠵᠢᠯ ᠬᠦᠯᠢᠴᠡᠯ ᠊ᠢ ᠠᠯᠳᠠᠭᠠᠳ ᠂
ᠪᠢᠰᠢ ᠪᠤᠰᠤ ᠬᠢᠯᠢᠨᠴᠡᠰ ᠦ᠋ᠨ ᠨᠠᠶ᠋ᠢᠲᠠᠩᠭᠤᠢ ᠪᠠᠷ ᠶᠠᠪᠤᠪᠠᠯ ᠂
ᠪᠢᠯᠢᠭ ᠡᠷᠳᠡᠮ ᠲᠡᠭᠦᠰᠪᠡᠴᠦ ᠲᠠᠯᠠᠭᠠᠷ ᠊ᠢ ᠮᠡᠳᠡᠯᠲᠡᠢ ᠃
ᠪᠤᠶᠠᠨᠲᠠᠨ ᠢ᠋ᠶ᠋ᠠᠷ ᠰᠦᠰᠦᠭ ᠠᠯᠲᠠᠨ ᠰᠡᠵᠢᠭᠯᠡᠬᠦ ᠶ᠋ᠢᠨ ᠳᠡᠭᠡᠷ᠎ᠡ ᠂
ᠪᠣᠳᠢ ᠮᠥᠷ ᠦ᠋ᠨ ᠦᠨᠳᠦᠰᠦ ᠪᠡᠨ ᠪᠤᠵᠠᠷᠯᠠᠬᠤ ᠪᠣᠯᠤᠮᠤᠢ ᠂
ᠪᠤᠷᠤᠭᠤ ᠪᠠᠷ ᠵᠠᠢᠭ ᠵᠠᠷᠴᠢᠮ ᠬᠠᠯᠳᠠᠭᠳᠠᠬᠤ ᠠᠲᠠᠯ᠎ᠠ ᠂
ᠪᠤᠷᠬᠠᠨ ᠴᠣᠶ᠋ᠢᠵᠣᠩ ᠬᠢᠯᠢᠩᠯᠡᠵᠦ ᠰᠠᠷᠴᠤᠤᠯᠠᠬᠤ ᠪᠣᠯᠤᠮᠤᠢ ᠃
ᠪᠣᠯᠤᠯ ᠦᠭᠡᠢ ᠬᠠᠷᠢᠶ᠎ᠠ ᠪᠠᠷ ᠪᠠᠰᠤᠭᠳᠠᠬᠤ ᠲᠠᠰᠢᠷᠠᠮ ᠂
ᠪᠤᠲᠠᠲᠠᠶ᠋ᠢᠶᠠ ᠪᠠᠭᠰᠢ ᠶ᠋ᠢᠨ ᠰᠠᠨᠸᠠᠷ ᠬᠣᠴᠣᠷᠬᠤ ᠠᠵᠢᠶᠠᠮᠤ ᠂
ᠪᠤᠶᠠᠨ ᠬᠡᠰᠢᠭ ᠪᠠᠭᠤᠷᠠᠵᠤ ᠪᠠᠷᠴᠢᠳ ᠣᠯᠬᠤ ᠪᠣᠯᠵᠤ ᠂
ᠪᠤᠴᠠᠯ ᠦᠭᠡᠢ ᠲᠠᠮᠤ ᠶ᠋ᠢᠨ ᠵᠣᠪᠠᠯ ᠬᠦᠯᠢᠶᠡᠮᠦᠢ ᠬᠠᠶ᠋ᠢᠷᠠᠨ ᠃
ᠡᠷᠲᠡ ᠶ᠋ᠢᠨ ᠪᠤᠶᠠᠨ ᠪᠠᠷᠢᠯᠳᠤᠯᠭ᠎ᠠ ᠮᠠᠰᠢ ᠰᠠᠢᠨ ᠤ᠋ ᠬᠦᠴᠦ ᠪᠡᠷ ᠂
ᠡᠳᠦᠭᠡ ᠳ᠋ᠦ᠍ᠷ ᠰᠠᠬᠢᠯ ᠣᠯᠵᠤ ᠱᠠᠵᠢᠨ ᠨᠥᠬᠥᠷ ᠪᠣᠯᠵᠤᠬᠤᠢ ᠂
ᠡᠨᠡ ᠵᠢᠭᠠᠬᠠᠨ ᠨᠠᠰᠤᠨ ᠳ᠋ᠠᠭᠠᠨ ᠡᠯᠳᠡᠪ ᠢ᠋ᠶ᠋ᠡᠷ ᠭᠤᠲᠤᠭᠠᠨ ᠂
ᠡᠷᠬᠢᠮ ᠰᠠᠢᠬᠠᠨ ᠵᠠᠶᠠᠭ᠎ᠠ ᠪᠠᠨ ᠠᠯᠳᠠᠭᠤᠵᠠᠢ ᠬᠠᠶ᠋ᠢᠷᠠᠨ ᠃
ᠪᠠᠴᠠᠭ ᠰᠠᠬᠢᠯ ᠠᠪᠤᠭᠴᠢᠳ ᠢ᠋ᠶ᠋ᠠᠷ ᠨᠣᠮ ᠤ᠋ᠨ ᠵᠦᠭ ᠲᠦ᠍ᠷ ᠵᠢᠳᠬᠦᠨ ᠂
ᠪᠠᠭᠰᠢ ᠪᠯᠠᠮ᠎ᠡ ᠶ᠋ᠢᠨ ᠵᠠᠷᠯᠢᠭᠴᠢᠯᠠᠨ ᠶᠠᠪᠤᠪᠠᠰᠤ ᠵᠣᠬᠢᠮᠤᠢ ᠂
ᠪᠠᠲᠤ ᠰᠠᠬᠢᠯ ᠲᠠᠩᠭᠠᠷᠢᠭ ᠊ᠢ ᠶᠣᠰᠣᠴᠢᠯᠠᠨ ᠰᠠᠬᠢᠵᠤ ᠂
ᠪᠠᠯᠠᠢ ᠱᠠᠯᠢᠭ ᠰᠠᠮᠠᠭᠤᠨ ᠊ᠢ ᠵᠢᠭᠰᠢᠮᠵᠢᠯᠡᠨ ᠶᠠᠪᠤᠯᠲᠠᠢ ᠃
ᠲᠠᠴᠢᠶᠠᠩᠭᠤᠢ ᠤᠷᠢᠨ ᠮᠤᠩᠬᠠᠭ ᠪᠤᠳᠤᠩᠭᠤᠢ ᠶ᠋ᠢ ᠨᠥᠭᠴᠢᠭᠡᠨ ᠂
ᠲᠠᠮᠤ ᠪᠢᠷᠢᠳ ᠳᠣᠷᠣᠶ᠋ᠢᠲᠠᠯ ᠤ᠋ᠨ ᠬᠢᠯᠢᠨᠴᠡᠰ ᠊ᠢ ᠠᠷᠢᠯᠭ᠎ᠠ ᠂
ᠲᠠᠩᠭᠠᠷᠢᠭ ᠲᠤ᠌ ᠪᠯᠠᠮ᠎ᠡ ᠪᠤᠷᠬᠠᠨ ᠤ᠋ ᠨᠣᠮ ᠤ᠋ᠨ ᠵᠠᠷᠯᠢᠭ ᠠᠶ᠋ᠢᠯᠠᠤᠠᠴᠤ ᠂
ᠲᠠᠬᠢᠬᠲᠠᠯ ᠤ᠋ᠨ ᠣᠷᠣᠨ ᠪᠣᠯᠭᠠᠨ ᠰᠢᠲᠦᠪᠡᠰᠦ ᠵᠣᠬᠢᠮᠤᠢ ᠃
ᠠᠲᠠᠭᠠᠲᠤ ᠣᠷᠴᠢᠯᠠᠩ ᠤ᠋ᠨ ᠮᠥᠩᠬᠡ ᠪᠤᠰᠤ ᠶ᠋ᠢ ᠪᠣᠳᠣᠵᠤ ᠂
ᠠᠰᠢᠭ ᠨᠡᠷ᠎ᠡ ᠶ᠋ᠢᠨ ᠶᠠᠪᠤᠳᠠᠯ ᠊ᠢ ᠬᠤᠳᠠᠯ ᠪᠣᠯᠭᠠᠨ ᠲᠡᠪᠴᠢᠭᠡᠳ ᠂
ᠠᠬᠤᠢ ᠨᠣᠮ ᠳ᠋ᠤᠷ ᠪᠢᠰᠢᠯᠭᠠᠵᠤ ᠪᠦᠲᠦᠭᠡᠬᠦ ᠪᠣᠯᠪᠠᠰᠤ ᠂
ᠠᠷᠢᠯᠤᠭᠰᠠᠨ ᠣᠷᠣᠨ ᠬᠡᠮᠡᠭᠴᠢ ᠮᠠᠰᠢ ᠣᠶ᠋ᠢᠷᠠᠬᠠᠨ ᠬᠡᠮᠡᠮᠦᠢ ᠃
ᠠᠳᠠᠯ ᠪᠡᠶ᠎ᠡ ᠰᠠᠯᠬᠢᠨ ᠮᠡᠲᠦ ᠬᠣᠭᠣᠰᠣᠭᠣᠷ ᠠᠲᠠᠯ᠎ᠠ ᠂
ᠠᠯᠢ ᠬᠥᠮᠦᠨ ᠡᠰᠡᠨ ᠮᠡᠳᠡᠨ ᠬᠠᠲᠤᠭᠤᠵᠢᠨ ᠶᠠᠪᠤᠮᠤᠢ ᠂
ᠠᠯᠳᠠᠯ ᠣᠨᠣᠯ ᠭᠡᠮ ᠦ᠋ᠳ ᠢ᠋ᠶ᠋ᠡᠨ ᠨᠠᠮᠠᠨᠴᠢᠯᠠᠨ ᠴᠢᠳᠠᠪᠠᠯ ᠂
ᠠᠶᠤᠰ ᠲᠠᠮᠤ ᠶ᠋ᠢᠨ ᠵᠣᠪᠠᠯᠠᠩ ᠊ᠢ ᠨᠢᠮᠭᠡᠳᠬᠡᠵᠦ ᠪᠣᠯᠤᠮᠤᠢ ᠃
ᠦᠭᠡᠶ᠋ᠢᠬᠦᠰ ᠲᠦ᠍ ᠲᠤᠰᠠᠯᠠᠵᠤ ᠥᠭᠯᠢᠭᠡ ᠶ᠋ᠢ ᠦᠭᠪᠡᠯ ᠂
ᠡᠪᠡᠳᠴᠢᠨ ᠊ᠢ ᠵᠠᠰᠠᠮᠵᠢᠯᠠᠨ ᠵᠣᠪᠠᠭᠰᠠᠳ ᠊ᠢ ᠠᠰᠠᠷᠠᠪᠠᠯ ᠂
ᠦᠬᠦᠭᠰᠡᠳ ᠊ᠢ ᠲᠣᠨᠢᠯᠭᠠᠵᠤ ᠪᠣᠳᠢ ᠮᠥᠷ ᠲᠣᠷ ᠵᠣᠷᠢᠪᠠᠯ ᠂
ᠦᠨᠡᠨ ᠭᠠᠶ᠋ᠢᠬᠠᠯ ᠤᠪᠠᠳᠢᠰ ᠤ᠋ᠨ ᠪᠠᠭᠰᠢ ᠬᠢᠵᠦ ᠪᠣᠯᠤᠮᠤᠢ ᠃
ᠠᠶᠠᠭ᠎ᠠ ᠲᠡᠬᠢᠮᠯᠢᠭ᠋ ᠦ᠋ᠨ ᠦᠨᠡᠨ ᠪᠡᠷᠬᠡ ᠣᠨᠢᠰᠣ ᠶ᠋ᠢ ᠂
ᠠᠮᠢᠨ ᠠ᠋ᠴᠠ ᠦᠯᠡᠮᠵᠢᠳᠡ ᠬᠢᠴᠢᠶᠡᠵᠦ ᠰᠠᠬᠢᠯᠲᠠᠢ ᠂
ᠠᠶᠤᠮᠰᠢᠭᠲᠤ ᠭᠤᠷᠪᠠᠨ ᠬᠣᠣᠷ᠎ᠠ ᠶ᠋ᠢᠨ ᠶᠡᠬᠡ ᠨᠢᠭᠦᠯ ᠦᠢᠯᠡᠰ ᠊ᠢ ᠂
ᠠᠯᠳᠠᠷᠠᠭᠠᠬᠤ ᠶᠣᠰᠣᠨ ᠪᠦᠷᠢ ᠶ᠋ᠢ ᠲᠤᠩᠭᠠᠬᠤ ᠪᠣᠯᠪᠠ ᠤᠤ ᠃
ᠡᠷᠳᠡᠨᠢᠲᠦ ᠪᠯᠠᠮ᠎ᠡ ᠪᠠᠭᠰᠢ ᠶ᠋ᠢᠨ ᠠᠶ᠋ᠢᠯᠠᠲᠤᠭᠰᠠᠨ ᠵᠠᠷᠯᠢᠭ ᠊ᠢ ᠂
ᠡᠷᠬᠢᠮ ᠣᠯᠠᠨ ᠰᠤᠷᠭᠠᠯ ᠠ᠋ᠴᠠ ᠡᠰᠢ ᠲᠡᠳᠡᠨ ᠠᠪᠤᠭᠠᠳ ᠂
ᠢᠯᠡᠷᠬᠡᠶ᠋ᠢᠶᠡ ᠡᠷᠳᠡᠮ ᠦᠭᠡᠢ ᠮᠤᠩᠬᠠᠭ ᠲᠠᠭᠠᠨ ᠬᠡᠯᠪᠡᠷᠢᠨ ᠂
ᠢᠯᠡᠳᠬᠡᠵᠦ ᠭᠠᠶ᠋ᠢᠬᠠᠭᠤᠯᠬᠤ ᠶᠠᠮᠪᠠᠷ ᠮᠤᠤᠬᠠᠢ ᠰᠣᠯᠢᠶᠠᠨ ᠃
ᠲᠥᠰᠦᠪᠯᠡᠵᠦ ᠬᠠᠮᠲᠤᠳᠬᠠᠭᠰᠠᠨ ᠬᠡᠳᠦᠨ ᠰᠢᠯᠦᠭ ᠡᠭᠦᠨ ᠊ᠢ ᠂
ᠲᠦᠪᠰᠢᠨ ᠪᠠᠲᠤ ᠪᠠᠭᠰᠢ ᠮᠠᠷᠠᠭᠡᠳ ᠬᠤᠷᠴᠠ ᠪᠣᠯᠭᠠᠨ ᠠᠳᠢᠰᠯᠠ ᠂
ᠲᠦᠰᠢᠭ ᠦᠭᠡᠢ ᠵᠠᠷᠢᠮ ᠨᠢᠭᠡᠨ ᠦᠭᠲᠡᠬᠦᠢ ᠳ᠋ᠦ᠍ᠷ ᠬᠦᠷᠪᠡᠯ ᠂
ᠳᠦᠷᠰᠦ ᠦᠭᠡᠢ ᠠᠮᠠ ᠠᠯᠳᠠᠰ ᠮᠢᠨᠦ ᠪᠣᠯᠬᠤ ᠪᠣᠯᠲᠤᠭᠠᠢ ᠃
ᠦᠰᠦᠭ ᠠᠮᠢᠯᠠᠭᠤᠯᠤᠭᠴᠢ ᠄ ᠱᠠᠨᠰᠠᠯ
ᠬᠢᠨᠠᠭᠴᠢ ᠄ ᠣᠤᠠᠬᠠᠨᠰᠣ ᠠ᠋
