ᠬᠠᠷ᠎ᠠ ᠬᠦᠦ -Luuya ᠂ ᠬᠡᠰᠢᠭᠵᠢᠷᠭᠠᠯХар хүү-Luuya , хишигжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠷ᠎ᠠ ᠬᠦᠦ -Luuya ᠂ ᠬᠡᠰᠢᠭᠵᠢᠷᠭᠠᠯХар хүү-Luuya , хишигжаргал

ᠬᠠᠷ᠎ᠠ ᠬᠦᠦ -Luuya ᠂ ᠬᠡᠰᠢᠭᠵᠢᠷᠭᠠᠯХар хүү-Luuya , хишигжаргал

ᠠᠩᠭᠢᠯᠠᠯ:ᠳᠠᠭᠤᠤ ᠬᠥᠭᠵᠢᠮ
2023-04-27

1118

ᠬᠠᠷ᠎ᠠ ᠬᠦᠦ

   ᠦᠭᠡ ᠄ ᠴ ᠂ ᠴᠠᠭᠨᠠᠭᠠᠲᠤᠷᠵᠢ

   ᠠᠶ᠎ᠠ ᠄ Ariuka / ᠡᠭᠡᠰᠢᠭ

   Luuya ᠂ ᠬᠡᠱᠢᠭ᠌ᠵᠢᠷᠭᠠᠯ ᠳᠠᠭᠤᠯᠠᠨ᠎ᠠ

 

ᠵᠢᠷᠦᠬᠡ ᠭᠡᠵᠢᠭᠡᠳᠡᠭᠰᠡᠨ ᠨᠠᠮᠵᠤᠷ ᠠᠭᠠᠰᠢ ᠴᠢᠨᠢ

ᠵᠦᠭᠡᠷ ᠯᠡ ᠨᠠᠳᠠ ᠤᠷᠤᠭᠤ ᠤᠷᠤᠰᠤᠭᠠᠳ ᠪᠠᠶ᠋ᠢᠨ᠎ᠠ ᠳᠠ

ᠰᠠᠯᠬᠢ ᠪᠠᠷ ᠬᠡᠶ᠋ᠢᠰᠬᠦ ᠬᠤᠭᠤᠴᠢᠷ  ᠤ᠋ᠨ ᠠᠶ᠎ᠠ ᠰᠢᠬ

ᠰᠠᠶᠢᠬᠠᠨ ᠲᠥᠷᠥᠭᠰᠡᠨ ᠬᠠᠷ᠎ᠠ ᠬᠦᠦ ᠪᠠᠶ᠋ᠢᠨ᠎ᠠ ᠳᠠ

ᠭᠦᠤᠱᠢ ᠠ᠋ ᠲᠡᠷᠡ ᠮᠢᠨᠢ ᠨᠠᠳᠠ ᠤᠷᠤᠭᠤ ᠪᠠᠨ ᠰᠢᠷᠲᠡᠯ᠎ᠡ

ᠬᠦᠷᠦᠭᠡᠳ ᠯᠡ ᠢᠷᠡᠪᠡᠯ ᠠᠭᠠᠯᠢ ᠦᠭᠡᠶ᠋ᠢᠬᠡᠨ ᠪᠠᠶ᠋ᠢᠬᠤ ‍ᠤᠤ

ᠲᠣᠷᠭᠠᠨ ᠳᠡᠪᠡᠯ ᠦ᠋ᠨ ᠲᠣᠭᠣᠷᠤᠨ ᠬᠡ ᠳᠡᠭᠡᠷ᠎ᠡ

ᠲᠣᠮᠣᠭ᠎ᠠ ᠦᠭᠡᠢ ᠭᠠᠷ ᠨᠢ ᠬᠦᠷᠪᠡᠯ ᠶᠠᠭᠠᠬᠢᠨ᠎ᠠ ᠳᠠ

 

ᠤᠷᠤᠭᠤᠯ ᠱᠦᠷᠭᠦᠭᠰᠡᠨ ᠨᠢᠳᠦᠨ ᠦ᠌ ᠬᠠᠷᠠᠴᠠ ᠴᠢᠨᠢ

ᠤᠶᠠᠬᠠᠨ ᠰᠡᠳᠬᠢᠯ ᠊ᠢ ᠭᠡᠵᠢᠭᠡᠳᠡᠭᠡᠳ ᠪᠠᠶ᠋ᠢᠨ᠎ᠠ

ᠡᠭᠦᠯᠡᠰ ᠢ᠋ᠶ᠋ᠡᠷ ᠬᠦᠪᠦᠷᠡᠬᠦ ᠱᠠᠨᠵᠠᠨ ᠤ᠋ ᠡᠭᠡᠰᠢᠭ ᠰᠢᠭ

ᠦᠨᠡᠬᠡᠷ ᠴᠠᠮᠢᠬᠠᠨ ᠬᠠᠷ᠎ᠠ ᠬᠦᠦ ᠪᠠᠶ᠋ᠢᠨ᠎ᠠ ᠳᠠ

ᠭᠦᠤᠱᠢ ᠠ᠋ ᠲᠡᠷᠡ ᠮᠢᠨᠢ ᠨᠠᠳᠠ ᠤᠷᠤᠭᠤ ᠪᠠᠨ ᠰᠢᠷᠳᠡᠯ᠎ᠡ

ᠬᠦᠷᠦᠭᠡᠳ ᠯᠡ ᠢᠷᠡᠪᠡᠯ ᠠᠭᠠᠯᠢ ᠦᠭᠡᠶ᠋ᠢᠬᠡᠨ ᠪᠠᠶ᠋ᠢᠬᠤ ‍ᠤᠤ

ᠲᠣᠷᠭᠠᠨ ᠳᠡᠪᠡᠯ ᠦ᠋ᠨ ᠲᠣᠭᠣᠷᠤᠨ ᠬᠡ ᠳᠡᠭᠡᠷ᠎ᠡ

ᠲᠣᠮᠣᠭ᠎ᠠ ᠦᠭᠡᠢ ᠭᠠᠷ ᠨᠢ ᠬᠦᠷᠪᠡᠯ ᠶᠠᠭᠠᠬᠢᠨ᠎ᠠ ᠳᠠ

 

ᠬᠠᠪᠢᠷᠭᠠᠨ ᠰᠠᠷᠠ ᠤᠷᠤᠭᠤ ᠬᠠᠮᠲᠤ  ᠳ᠋ᠠᠭᠠᠨ ᠰᠢᠷᠳᠡᠪᠡᠯ

ᠬᠠᠮᠢᠭ᠎ᠠ ᠠ᠋ᠴᠠ ᠢᠷᠡᠭᠰᠡᠨ ᠊ᠢ ᠨᠢ ᠮᠡᠳᠡᠬᠦ ᠯᠡ ᠪᠠᠶ᠋ᠢᠯᠭᠦᠢ

ᠬᠠᠷᠠᠩᠭᠤᠢ ᠶ᠋ᠢ ᠴᠣᠭᠣᠯᠬᠤ ᠬᠤᠭᠤᠷ ᠤ᠋ᠨ ᠴᠤᠤᠷᠢᠶ᠎ᠠ ᠰᠢᠭ᠋

ᠬᠠᠴᠢᠨ ᠣᠪᠢᠲᠠᠰ ᠲᠠᠢ ᠬᠠᠷ᠎ᠠ ᠬᠦᠦ ᠪᠠᠶ᠋ᠢᠨ᠎ᠠ ᠳᠠ

ᠭᠦᠤᠱᠢ ᠠ᠋ ᠲᠡᠷᠡ ᠮᠢᠨᠢ ᠨᠠᠳᠠ ᠤᠷᠤᠭᠤ ᠪᠠᠨ ᠰᠢᠷᠳᠡᠯ᠎ᠡ

ᠬᠦᠷᠦᠭᠡᠳ ᠯᠡ ᠢᠷᠡᠪᠡᠯ ᠠᠭᠠᠯᠢ ᠦᠭᠡᠶ᠋ᠢᠬᠡᠨ ᠪᠠᠶ᠋ᠢᠬᠤ ‍ᠤᠤ

ᠲᠣᠷᠭᠠᠨ ᠳᠡᠪᠡᠯ ᠦ᠋ᠨ ᠲᠣᠭᠣᠷᠤᠨ ᠬᠡ ᠳᠡᠭᠡᠷ᠎ᠡ

ᠲᠣᠮᠣᠭ᠎ᠠ ᠦᠭᠡᠢ ᠭᠠᠷ ᠨᠢ ᠬᠦᠷᠪᠡᠯ ᠶᠠᠭᠠᠬᠢᠨ᠎ᠠ ᠳᠠ

 

ᠭᠦᠤᠱᠢ ᠠ᠋ ᠲᠡᠷᠡ ᠮᠢᠨᠢ ᠨᠠᠳᠠ ᠤᠷᠤᠭᠤ ᠪᠠᠨ ᠰᠢᠷᠳᠡᠯ᠎ᠡ

ᠬᠦᠷᠦᠭᠡᠳ ᠯᠡ ᠢᠷᠡᠪᠡᠯ ᠠᠭᠠᠯᠢ ᠦᠭᠡᠶ᠋ᠢᠬᠡᠨ ᠪᠠᠶ᠋ᠢᠬᠤ ‍ᠤᠤ

ᠲᠣᠷᠭᠠᠨ ᠳᠡᠪᠡᠯ ᠦ᠋ᠨ ᠲᠣᠭᠣᠷᠤᠨ ᠬᠡ ᠳᠡᠭᠡᠷ᠎ᠡ

ᠲᠣᠮᠣᠭ᠎ᠠ ᠦᠭᠡᠢ ᠭᠠᠷ ᠨᠢ ᠬᠦᠷᠪᠡᠯ ᠶᠠᠭᠠᠬᠢᠨ᠎ᠠ ᠳᠠ

   ᠦᠰᠦᠭ ᠠᠮᠢᠯᠠᠭᠤᠯᠤᠭᠴᠢ ᠄ ᠠᠳᠢᠶ᠎ᠠ

   ᠦᠰᠦᠭ ᠬᠠᠲᠠᠭᠴᠢ᠄ ᠣᠳᠬᠣᠨᠴᠡᠴᠡᠭ

   ᠬᠢᠨᠠᠭᠴᠢ ᠄ ᠣᠳᠬᠠᠨᠰᠸ᠎ᠠ᠂ ᠰᠠᠷᠠᠨᠲᠤᠶᠠᠭ᠎ᠠ᠂ ᠮᠠᠨᠳᠤᠬᠤ