ᠪᠤᠷᠬᠠᠨ ᠠ᠋ᠴᠠ ᠠᠪᠤᠭ᠎ᠠ ᠦᠭᠡᠢ ᠶᠠᠭᠤᠮ᠎ᠠ ᠨᠠᠳᠠ  ᠳᠤ ᠨᠢᠭᠡ ᠴᠦ᠍ ᠦᠭᠡᠢ – ᠪᠠᠪᠤᠤ᠎ ᠶ᠋ᠢᠨ ᡀᠬᠠᠪᠠᠰᠥ᠋ᠷᠦᠩ Бурхнаас аваагүй юм надад нэг ч үгүй – Баавууны Лхагвасүрэн ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠠ᠋ᠴᠠ ᠠᠪᠤᠭ᠎ᠠ ᠦᠭᠡᠢ ᠶᠠᠭᠤᠮ᠎ᠠ ᠨᠠᠳᠠ  ᠳᠤ ᠨᠢᠭᠡ ᠴᠦ᠍ ᠦᠭᠡᠢ – ᠪᠠᠪᠤᠤ᠎ ᠶ᠋ᠢᠨ ᡀᠬᠠᠪᠠᠰᠥ᠋ᠷᠦᠩ Бурхнаас аваагүй юм надад нэг ч үгүй – Баавууны Лхагвасүрэн

ᠪᠤᠷᠬᠠᠨ ᠠ᠋ᠴᠠ ᠠᠪᠤᠭ᠎ᠠ ᠦᠭᠡᠢ ᠶᠠᠭᠤᠮ᠎ᠠ ᠨᠠᠳᠠ  ᠳᠤ ᠨᠢᠭᠡ ᠴᠦ᠍ ᠦᠭᠡᠢ – ᠪᠠᠪᠤᠤ᠎ ᠶ᠋ᠢᠨ ᡀᠬᠠᠪᠠᠰᠥ᠋ᠷᠦᠩ Бурхнаас аваагүй юм надад нэг ч үгүй – Баавууны Лхагвасүрэн

2023-04-27

397

ᠪᠤᠷᠬᠠᠨ ᠠ᠋ᠴᠠ ᠠᠪᠤᠭ᠎ᠠ ᠦᠭᠡᠢ ᠶᠠᠭᠤᠮ᠎ᠠ ᠨᠠᠳᠠ  ᠳᠤ ᠨᠢᠭᠡ ᠴᠦ᠍ ᠦᠭᠡᠢ


             ᠪᠤᠷᠬᠠᠨ ᠎ᠠ᠋ᠴᠠ ᠠᠪᠤᠭ᠎ᠠ ᠦᠭᠡᠢ ᠶᠠᠭᠤᠮ᠎ᠠ ᠨᠠᠳᠠ ᠳ᠋ᠤ᠌ ᠨᠢᠭᠡ ᠴᠦ᠍ ᠦᠭᠡᠢ (1) 
                                            [ ᠮᠣᠩᠭᠣᠯ ] ᠪᠠᠪᠤᠤ᠎ ᠶ᠋ᠢᠨ ᡀᠬᠠᠪᠠᠰᠥ᠋ᠷᠦᠩ 

                 [  ᠤᠩᠰᠢᠯᠬ᠋᠎ᠠ ᠶ᠋ᠢᠨ ᠬᠥᠲᠥᠴᠢ  ] 
     ᠲᠤᠰ ᠰᠢᠯᠦᠭ ᠲᠦ ᠥᠰᠬᠡᠵᠦ ᠲᠥᠷᠥᠭᠦᠯᠦᠭᠰᠡᠨ ᠡᠨᠡᠷᠢᠯ ᠦ᠋ᠨ ᠲᠩᠷᠢ ᠡᠴᠢᠭᠡ ᠡᠬᠡ ᠡᠴᠡ ᠪᠡᠨ ᠪᠢᠲᠡ ᠡᠷᠡᠭᠦᠯ ᠡᠩᠬᠡ ᠪᠡᠶ᠎ᠡ ᠴᠣᠭᠴᠠ ᠂ ᠡᠷᠲᠡᠨᠢᠲᠦ ᠰᠠᠶ᠋ᠢᠬᠠᠨ ᠣᠶᠤᠨ ᠤᠬᠠᠭᠠᠨ ᠂ ᠡᠩ ᠦᠭᠡᠢ ᠡᠨᠡᠷᠢᠯ ᠬᠠᠶ᠋ᠢᠷ᠎ᠠ ᠁ ᠶᠠᠭᠤ ᠪᠦᠬᠦᠨ ᠊ᠢ ᠣᠯᠤᠭᠰᠠᠨ ᠭᠡᠳᠡᠭ ᠰᠠᠨᠠᠬ᠋᠎ᠠ ᠪᠠᠨ ᠤᠶᠠᠩᠭᠠᠯᠠᠵᠠᠢ ᠃
        ᠨᠢᠮᠪᠠᠢ ᠤᠩᠰᠢᠨ ᠨᠠᠷᠢᠯᠢᠬ ᠰᠡᠤᠠᠬᠢᠵᠦ ᠂ ᠰᠠᠨᠠᠬ᠋᠎ᠠ ᠶ᠋ᠢ ᠨᠢ ᠰᠤᠪᠢᠭᠠᠷᠠᠢ !


 ᠪᠢ
 ᠪᠤᠷᠬᠠᠨ ᠪ ᠲᠤᠨᠤᠷᠠᠭᠰᠠᠨ ᠮᠡᠯᠮᠡᠢ ᠡᠴᠡ
 ᠡᠨᠡᠷᠢᠬᠦ ᠶ᠋ᠢᠨ ᠶᠡᠬᠡ ᠰᠡᠤᠠᠬᠢᠯ ᠣᠯᠲᠠᠭ ᠃
 ᠪᠢ
 ᠪᠤᠷᠬᠠᠨ ᠪ ᠨᠠᠮᠢᠷᠠᠭᠰᠠᠨ ᠮᠣᠲᠣᠷ ᠠ᠋ᠴᠠ
 ᠡᠰᠡᠨ ᠠᠮᠢᠲᠤ ᠶ᠋ᠢᠨ 《 ᠵᠢᠮᠢᠰ 》 ᠬᠦᠷᠲᠡᠳᠡᠭ ᠃
 ᠪᠢ
 ᠪᠤᠷᠬᠠᠨ ᠪ ᠵᠢᠮᠢᠢᠭᠰᠡᠨ ᠤᠷᠤᠭᠤᠯ ᠠ᠋ᠴᠠ
 ᠡᠭᠡᠯ ᠬᠥᠮᠦᠨ ᠂ ᠴᠥᠭᠡᠨ ᠦᠭᠡ ᠲᠡᠢ ᠪᠠᠶ᠋ᠢᠬᠤ ᠶ᠋ᠢ ᠣᠯᠲᠠᠭ ᠃
 ᠪᠢ
 ᠪᠤᠷᠬᠠᠨ ᠪ ᠠᠮᠤᠷᠯᠢᠩᠭᠤᠢ ᠵᠠᠪᠢᠯᠠᠭᠠᠨ ᠠ᠋ᠴᠠ
 ᠡᠯᠲᠡᠪ  ᠲᠦ ᠰᠠᠨᠲᠤᠭᠤ ᠦᠭᠡᠢ ᠲᠡᠪᠴᠢᠬᠦ ᠶ᠋ᠢᠨ ᠤᠬᠠᠭᠠᠨ ᠣᠯᠲᠠᠭ ᠃
 ᠪᠢ
 ᠪᠤᠷᠬᠠᠨ ᠪ ᠦᠵᠦᠮ ᠦ᠋ᠨ ᠲᠣᠪᠴᠢ ᠲᠠᠢ ᠬᠥᠬᠥᠨ ᠡᠴᠡ
 ᠴᠠᠭᠠᠨ ᠰᠦ᠋ ᠣᠯᠤᠬ᠋᠎ᠠ ᠦᠭᠡᠢ ᠁
 ᠪᠢ ᠮᠥᠷᠭᠥᠵᠦ ᠨᠡᠬᠡᠭᠰᠡᠨ ᠁
 ᠪᠤᠷᠬᠠᠨ ᠨᠠᠲᠠ ᠳ᠋ᠤ᠌
 ᠡᠵᠢ ᠲᠡᠢ ᠴᠢᠨᠢ ᠴᠣᠭ ᠥᠭᠭᠦᠭᠰᠡᠨ ᠁ ᠭᠡᠰᠡᠨ
 ᠪᠢ
 ᠪᠤᠷᠬᠠᠨ ᠪ ᠲᠡᠭᠦᠯᠲᠡᠷ ᠯᠠᠭᠱᠠᠨ ᠠ᠋ᠴᠠ
 ᠬᠠᠯᠠᠭᠤ ᠲᠥᠭᠡᠨᠡᠭᠰᠡᠨ ᠬᠠᠶ᠋ᠢᠷ᠎ᠠ ᠣᠯᠤᠬ᠋᠎ᠠ ᠦᠭᠡᠢ ᠁
 ᠪᠢ ᠵᠠᠯᠪᠠᠷᠢᠵᠤ ᠨᠡᠬᠡᠭᠰᠡᠨ ᠁
 ᠪᠤᠷᠬᠠᠨ ᠨᠠᠲᠠ ᠳ᠋ᠤ᠌
 ᠡᠴᠢᠭᠡ ᠲᠡᠢ ᠴᠢᠨᠢ ᠴᠣᠭ ᠥᠭᠭᠦᠭᠰᠡᠨ  ᠁ ᠭᠡᠰᠡᠨ
       
(1) ᠲᠤᠰ ᠰᠢᠯᠦᠭ ᠊ᠢ 《 ᠥᠨᠢᠷ ᠴᠡᠴᠡᠭ 》 ᠰᠡᠤᠠᠬᠦᠯ ᠦ᠋ᠨ 2015 ᠣᠨ ᠪ 6  ᠎ᠳ᠋ᠤᠭᠠᠷ ᠬᠤᠭᠤᠴᠠᠬ᠋᠎ᠠ ᠠ᠋ᠴᠠ ᠰᠣᠩᠭᠣᠪᠠ ᠃
 ᠠᠩᠬ᠎ᠠ ᠵᠡᠷᠭᠡ ᠶ᠋ᠢᠨ ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠦ᠋ᠨ ᠨᠡᠮᠡᠯᠲᠡ ᠤᠩᠰᠢᠭᠤ ᠳᠣᠯᠣᠳᠤᠭᠠᠷ ᠣᠨ ( ᠳᠡᠭᠡᠳᠦ) ᠡᠴᠡ ᠬᠠᠭᠤᠯᠪᠠ ᠃

     ᠬᠠᠭᠤᠯᠤᠭᠰᠠᠨ ᠨᠢ ᠄ ᠮᠢᠩᠭᠠᠳ ᠂ ᠴᠢᠮᠡᠭ
      ᠬᠢᠨᠠᠭᠰᠠᠨ ᠨᠢ ᠄ ᠬᠠᠲᠠᠴᠢ ᠂ ᠤᠷᠠᠨ᠎ᠠ