ᠬᠦᠯᠢᠶᠡᠵᠦ ᠰᠠᠭᠤᠬ᠋ᠠ ᠳ᠋ᠠ ! ᠨᠠᠮᠠᠶ᠋ᠢ ᠪᠡᠨ ( ᠣᠷᠱᠤᠨ ᠭᠣᠣᠯ ) - ᠦᠭᠡ ᠂ ᠠᠶ᠎ᠠ ᠄ ᠸᠠᠴᠢᠷᠵᠠᠪ Хүлээж суух даа ! намайгаа ( Оршин гол ) – Үг ᠂ Ая ᠄ Вачиржав
ᠬᠦᠯᠢᠶᠡᠵᠦ ᠰᠠᠭᠤᠬ᠋ᠠ ᠳ᠋ᠠ ! ᠨᠠᠮᠠᠶ᠋ᠢ ᠪᠡᠨ
ᠦᠭᠡ ᠂ ᠠᠶ᠎ᠠ ᠄ ᠸᠴᠢᠷᠵᠠᠪ
ᠲᠠᠩᠰᠤᠭ ᠲᠠᠯ᠎ᠠ ᠪᠠᠷ ᠪᠣᠷᠭᠢᠯᠤᠭᠰᠠᠨ
ᠲᠤᠭᠤᠨᠤ ᠶ᠋ᠢᠨ ᠤᠲᠤᠬ᠋᠎ᠠ ᠭᠣᠶᠣᠬᠠᠨ ᠪᠠᠶ᠋ᠢᠨ᠎ᠠ
ᠲᠠᠩᠬᠢᠯ ᠬᠥᠭᠡᠷᠦᠬᠦᠨ ᠪᠦᠰᠡᠭᠦᠢ ᠮᠢᠨᠢ
ᠲᠡᠭᠦᠨ ᠪ ᠠᠯᠢᠨ ᠳ᠋ᠤᠨᠢ ᠬᠦᠯᠢᠶᠡᠭᠡ ᠪᠣᠯ
ᠠᠲᠠᠷ ᠲᠠᠯ᠎ᠠ ᠪᠠᠷ ᠪᠣᠷᠬᠢᠯᠤᠭᠰᠠᠨ
ᠠᠷᠭᠠᠯ ᠦ᠋ᠨ ᠤᠲᠤᠬ᠋᠎ᠠ ᠭᠣᠶᠣᠬᠠᠨ ᠪᠠᠶ᠋ᠢᠨ᠎ᠠ
ᠠᠮᠠᠷᠠᠭ ᠬᠦᠭᠡᠷᠦᠭᠦᠨ ᠪᠦᠰᠡᠭᠦᠢ ᠮᠢᠨᠢ
ᠠᠯᠢᠨ ᠳ᠋ᠤᠨᠢ ᠨᠠᠮᠶ᠋ᠢᠢ ᠪᠠᠨ ᠬᠦᠯᠢᠶᠡᠭᠡ ᠪᠣᠯ ?
ᠬᠠᠨᠠᠭᠠᠷ ᠲᠠᠯ᠎ᠠ ᠶ᠋ᠢᠨ ᠦᠷᠦᠴᠡᠨ ᠳᠡᠭᠡᠷ᠎ᠡ
ᠬᠠᠩᠭᠠᠢ ᠰᠠᠶ᠋ᠢᠬᠠᠨ ᠦᠷᠭᠦᠭᠡ ᠪᠠᠶ᠋ᠢᠨ᠎ᠠ ᠂
ᠬᠠᠶ᠋ᠢᠷᠠᠲᠠᠢ ᠬᠣᠩᠭᠣᠷ ᠴᠢᠮ᠎ᠠ ᠲᠠᠢ ᠪᠠᠨ
ᠬᠠᠪᠤᠲᠠᠢ ᠵᠢᠷᠭᠠᠯ ᠶ᠋ᠢᠠᠨ ᠵᠣᠬᠢᠶᠠᠨ᠎ᠠ ᠳ᠋ᠠ ᠃
ᠢᠷᠡᠯᠲᠡ ᠄
ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ ᠵᠣᠬᠢᠶᠠᠵᠤ ᠂ ᠷᠠᠪᠲᠠᠨ ᠪ ᠠᠶ᠎ᠠ ᠦ᠋ᠨ ᠬᠢᠨᠠᠯᠲᠠ ᠲᠠᠢ ᠃1989 ᠣᠨ ᠪ 8 ᠰᠠᠷ᠎ᠠ ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ ᠳ᠋ᠤ᠌ ᠠᠩᠬᠠᠲᠤᠭᠠᠷ ᠤᠲᠠᠬ᠋᠎ᠠ ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
ᠦᠰᠦᠭ ᠠᠮᠢᠯᠠᠭᠤᠯᠤᠭᠴᠢ ᠄ ᠳᠠᠰᠢᠮ᠎ᠠ
ᠦᠰᠦᠭ ᠬᠢᠨᠠᠭᠴᠢ ᠄ ᠪᠠᠶᠠᠷᠴᠡᠴᠡᠭ
2023 ᠣᠨ ᠪ 4 ᠰᠠᠷ᠎ᠠ ᠶ᠋ᠢᠨ 26 ᠤ ᠡᠲᠦᠷ

