ᠴᠢᠮ᠎ᠠ ᠲᠠᠢ ᠪᠠᠨ ( ᠣᠷᠱᠤᠨ ᠭᠣᠣᠯ ) - ᠦᠭᠡ ᠄ ᠴᠢ᠍‍ ᠂ ᠭᠠᠩᠲᠡᠮᠣᠷ ᠂ ᠠᠶ᠎ᠠ ᠄ ᠸᠠᠴᠢᠷᠵᠠᠪ Чамтайгаа  ( Оршин гол ) – Үг ᠄  Ч · Гантөмөр ᠂ Ая ᠄ Вачиржав ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠲᠠᠢ ᠪᠠᠨ ( ᠣᠷᠱᠤᠨ ᠭᠣᠣᠯ ) - ᠦᠭᠡ ᠄ ᠴᠢ᠍‍ ᠂ ᠭᠠᠩᠲᠡᠮᠣᠷ ᠂ ᠠᠶ᠎ᠠ ᠄ ᠸᠠᠴᠢᠷᠵᠠᠪ Чамтайгаа  ( Оршин гол ) – Үг ᠄  Ч · Гантөмөр ᠂ Ая ᠄ Вачиржав

ᠴᠢᠮ᠎ᠠ ᠲᠠᠢ ᠪᠠᠨ ( ᠣᠷᠱᠤᠨ ᠭᠣᠣᠯ ) - ᠦᠭᠡ ᠄ ᠴᠢ᠍‍ ᠂ ᠭᠠᠩᠲᠡᠮᠣᠷ ᠂ ᠠᠶ᠎ᠠ ᠄ ᠸᠠᠴᠢᠷᠵᠠᠪ Чамтайгаа  ( Оршин гол ) – Үг ᠄  Ч · Гантөмөр ᠂ Ая ᠄ Вачиржав

ᠠᠩᠭᠢᠯᠠᠯ:ᠳᠠᠭᠤᠤ ᠬᠥᠭᠵᠢᠮ
2023-04-27

256

ᠴᠢᠮ᠎ᠠ ᠲᠠᠢ ᠪᠠᠨ


            ᠦᠭᠡ ᠄ ᠴᠢ᠍‍ ᠂ ᠭᠠᠩᠲᠡᠮᠣᠷ
             ᠠᠶ᠎ᠠ ᠄  ᠸᠴᠢᠷᠵᠠᠪ
 
 ᠨᠠᠮᠤᠷ ᠦ᠋ᠨ ᠬᠣᠩᠭᠣᠷ ᠰᠠᠯᠬᠢ ᠨᠢ  
 ᠨᠠᠮᠠᠶ᠋ᠢ ᠴᠢᠮᠠᠶ᠋ᠢ ᠶ᠋ᠢ ᠦᠨᠦᠰᠦᠭᠡᠳ ᠪᠠᠶ᠋ᠢᠨ᠎ᠠ ᠂  
 ᠨᠠᠶ᠋ᠢᠷᠲᠠᠢ ᠠᠮᠠᠷᠠᠭ ᠴᠢᠮ᠎ᠠ ᠲᠠᠢ ᠪᠠᠨ  
 ᠨᠠᠰᠤᠨ ᠵᠢᠷᠭᠠᠯ ᠶ᠋ᠢᠠᠨ ᠡᠲᠯᠡᠨ᠎ᠡ ᠳ᠋ᠠ ᠃  

 ᠵᠦᠢᠯ ᠦ᠋ᠨ ᠴᠡᠴᠡᠭ ᠮᠢᠷᠠᠯᠵᠠᠭᠠᠳ  
 ᠵᠡᠷᠭᠡᠯᠭᠡᠲᠦ ᠨᠤᠲᠤᠭ ᠊ᠢ ᠮᠢᠨᠢ ᠴᠢᠮᠡᠭᠯᠡᠭᠡᠳ ᠪᠠᠶ᠋ᠢᠨ᠎ᠠ ᠂ 
 ᠵᠢᠷᠦᠬᠡ ᠪᠡᠨ ᠬᠣᠯᠪᠣᠭᠰᠠᠨ ᠴᠢᠮ᠎ᠠ ᠲᠠᠢ ᠪᠠᠨ 
 ᠵᠢᠷᠭᠠᠯᠲᠤ ᠨᠤᠲᠤᠭ ᠶ᠋ᠢᠠᠨ ᠴᠣᠭᠴᠠᠯᠠᠨ᠎ᠠ ᠳ᠋ᠠ ᠃ 

 ᠠᠭᠤᠤ ᠣᠷᠣᠨ ᠪ ᠦᠢᠯᠡᠰ ᠲᠡᠭᠡᠨ
 ᠠᠮᠠᠷᠠᠭ ᠬᠣᠶᠠᠭᠤᠯᠠ ᠪᠠᠨ ᠭᠠᠪᠰᠢᠭᠠᠶ᠋ᠢᠯᠠᠵᠤ ᠪᠠᠶ᠋ᠢᠨ᠎ᠠ ᠂
 ᠠᠰᠢᠲᠠ ᠶ᠋ᠢᠨ ᠰᠠᠶ᠋ᠢᠬᠠᠨ ᠢᠷᠡᠭᠡᠲᠦᠢ ᠵᠦᠭ
 ᠠᠯᠬᠤᠬ᠋᠎ᠠ ᠨᠢᠭᠡᠲᠡᠢ ᠤᠷᠤᠭᠰᠢᠯᠠᠨ᠎ᠠ ᠳ᠋ᠠ ᠃  

ᠢᠷᠡᠯᠲᠡ ᠄
         ᠥᠪᠥᠷ ᠮᠣᠩᠭᠣᠯ ᠦ᠋ᠨ ᠰᠣᠶᠣᠯ ᠦ᠋ᠨ ᠬᠡᠪᠯᠡᠯ ᠦ᠋ᠨ ᠬᠣᠷᠢᠶ᠎ᠠ  ᠬᠡᠪᠯᠡᠭᠦᠯᠵᠦ ᠂ ᠥᠪᠥᠷ ᠮᠣᠩᠭᠣᠯ ᠦ᠋ᠨ ᠬᠠᠶ᠋ᠢᠯᠠᠷ ᠲᠡᠬᠢ ᠰᠢᠨᠬᠤᠸᠠ ᠬᠡᠪᠯᠡᠬᠦ ᠦᠢᠯᠡᠤᠠᠪᠦᠷᠢ ᠬᠡᠪᠯᠡᠭᠰᠡᠨ ᠂ ᠲᠣᠨᠲᠤᠪ ᠂ ᠲᠦᠭᠦᠷ ᠨᠠᠷ  ᠵᠣᠬᠢᠶᠠᠵᠤ ᠂  ᠷᠠᠪᠲᠠᠨ  ᠪ ᠠᠶ᠎ᠠ  ᠦ᠋ᠨ ᠬᠢᠨᠠᠯᠲᠠ ᠲᠠᠢ  ᠃1989 ᠣᠨ  ᠪ 8 ᠰᠠᠷ᠎ᠠ  ᠳ᠋ᠤ᠌ ᠠᠩᠬᠠᠲᠤᠭᠠᠷ ᠬᠡᠪ ᠊ᠢ ᠬᠢᠵᠦ ᠂ ᠲᠤᠰ ᠵᠢᠯ ᠦ᠋ᠨ 9 ᠰᠠᠷ᠎ᠠ  ᠳ᠋ᠤ᠌  ᠠᠩᠬᠠᠲᠤᠭᠠᠷ ᠤᠲᠠᠬ᠋᠎ᠠ  ᠬᠡᠪᠯᠡᠨ᠂ ᠬᠦᠯᠦᠨ ᠪᠣᠶ᠋ᠢᠷ ᠠᠶ᠋ᠢᠮᠠᠭ ᠦ᠋ᠨ ᠰᠢᠨᠬᠤᠸᠠ ᠪᠢᠴᠢᠭ ᠦ᠋ᠨ ᠳᠡᠯᠭᠡᠭᠦᠷ  ᠲᠠᠷᠬᠠᠭᠠᠭᠰᠠᠨ ᠂《 ᠣᠷᠱᠤᠨ ᠭᠣᠣᠯ 》 ᠭᠡᠬᠦ ᠨᠣᠮ ᠠ᠋ᠴᠠ ᠡᠰᠢᠯᠡᠪᠡ ᠃
 
     ᠦᠰᠦᠭ ᠠᠮᠢᠯᠠᠭᠤᠯᠤᠭᠴᠢ ᠄   ᠪᠤᠷᠭᠢᠯ
     ᠦᠰᠦᠭ ᠬᠢᠨᠠᠭᠴᠢ ᠄ ᠪᠠᠶᠠᠷᠴᠡᠴᠡᠭ
                  2023 ᠣᠨ ᠪ 4 ᠰᠠᠷ᠎ᠠ ᠶ᠋ᠢᠨ 2  ᠤ ᠡᠲᠦᠷ