ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠲᠠᠪᠤᠳᠤᠭᠠᠷ ᠪᠦᠯᠦᠭ Саран зэв – Зохиолч ᠂ Зураач – Т᠂ мандир ( Түүхэн тууж ) – Тавдугаар бүлэг
ᠰᠠᠷᠠᠨ ᠵᠡᠪᠡ - ᠲᠠᠪᠤᠳᠤᠭᠠᠷ ᠪᠥᠯᠥᠭ
ᠬᠥᠲᠥᠴᠢ ᠪᠡᠨ ᠢᠷᠡᠬᠦ ᠳ᠋ᠦ᠍ ᠪᠠᠷᠲᠠᠢ ᠪᠣᠰᠤᠭᠠᠳ ᠳᠡᠪᠡᠯ ᠢ᠋ᠶ᠋ᠡᠨ ᠡᠮᠦᠰᠴᠦ᠂ ᠬᠤᠶᠠᠭ ᠢ᠋ᠶ᠋ᠠᠨ ᠵᠡᠭᠦᠬᠦ ᠭᠡᠳ ᠴᠢᠳᠠᠭᠰᠠᠨ ᠦᠭᠡᠢ ᠪᠣᠯᠤᠯᠲᠠᠢ᠂ ᠬᠥᠭᠯᠡᠷᠡᠭᠦᠯᠴᠢᠬᠡᠭᠰᠡᠨ ᠰᠠᠭᠤᠵᠤ ᠪᠠᠢᠪᠠ᠃ ᠴᠢᠰᠤ ᠨᠡᠯᠢᠶᠡᠳ ᠠᠯᠳᠠᠭᠰᠠᠨ ᠠ᠋ᠴᠠ ᠴᠢᠷᠠᠢ ᠨᠢ ᠴᠣᠩᠬᠤᠢᠭᠰᠠᠨ ᠴᠤ᠌ ᠨᠢᠮᠭᠡᠨ ᠤᠷᠤᠭᠤᠯ ᠢ᠋ᠶ᠋ᠠᠨ ᠱᠠᠵᠠᠪᠠᠯᠵᠠᠭᠤᠯᠤᠨ ᠲᠤᠩ ᠴᠤ᠌ ᠳᠡᠭᠡᠭᠦᠷ ᠬᠠᠷᠠᠴᠠ ᠲᠠᠢ ᠪᠠᠢᠬᠤ ᠶ᠋ᠢ ᠱᠠᠮᠳᠠᠭᠠᠢ ᠠᠵᠢᠭᠯᠠᠭᠠᠳ ᠰᠡᠵᠢᠭᠯᠡᠭᠳᠡᠬᠦ ᠡᠴᠡ ᠡᠮᠢᠶᠡᠵᠦ᠄
— ᠪᠢ ᠠᠷᠠᠢ ᠭᠡᠵᠦ ᠡᠨᠡ ᠰᠥᠨᠢ ᠶ᠋ᠢᠨ ᠨᠡᠪᠲᠡᠷᠡᠬᠦ ᠳᠣᠬᠢᠶ᠎ᠠ ᠶ᠋ᠢ ᠣᠯᠵᠤ ᠠᠪᠤᠯ᠎ᠠ᠃ ᠣᠳᠣ ᠪᠢᠳᠡᠨ ᠦ᠌ ᠵᠠᠮ ᠤᠯᠠᠮ ᠰᠢᠭᠤᠳᠷᠠᠨᠠ ᠭᠡᠪᠡᠯ ᠪᠠᠷᠳᠠᠢ ᠶᠠᠩᠵᠤ ᠦᠭᠡᠢᠬᠡᠨ ᠰᠢᠷᠪᠢᠭᠡᠳ᠄
— ᠲᠡᠢᠮᠦ ᠪᠣᠯ ᠰᠠᠢᠨ᠃ ᠪᠢ ᠴᠢᠮᠠᠶ᠋ᠢ ᠤᠷᠢᠶᠠᠩᠬᠠᠢ ᠶ᠋ᠢᠨ ᠵᠥᠷᠢᠭᠦᠳ ᠬᠠᠷ᠎ᠠ ᠳ᠋ᠠᠭᠠᠨ ᠳᠠᠯᠠᠨ ᠪᠤᠯᠴᠢᠷᠬᠠᠢ ᠪᠠᠨ ᠲᠣᠭᠠᠴᠢᠵᠤ ᠶᠠᠪᠤᠨ᠎ᠠ ᠤᠤ ᠭᠡᠵᠦ ᠪᠣᠳᠣᠭᠰᠠᠨ ᠶᠤᠮ ᠭᠡᠵᠦ ᠬᠡᠨᠡᠭ ᠦᠭᠡᠢ ᠬᠡᠯᠡᠪᠡ᠃ ᠡᠨᠡ ᠦᠭᠡ ᠶ᠋ᠢ ᠰᠣᠨᠣᠰᠤᠭᠠᠳ ᠱᠠᠮᠳᠠᠭᠠᠢ ᠶ᠋ᠢᠨ ᠨᠢᠳᠦ ᠬᠠᠷᠠᠩᠭᠤᠢᠯᠠᠬᠤ ᠰᠢᠭ᠋ ᠪᠣᠯᠤᠭᠰᠠᠨ ᠪᠣᠯᠪᠠᠴᠤ ᠠᠵᠠ ᠪᠠᠷ ᠪᠠᠷᠳᠠᠢ ᠠᠩᠵᠠᠭᠠᠷᠠᠭᠰᠠᠨ ᠦᠭᠡᠢ᠃
— ᠪᠢ ᠬᠥᠩᠭᠡᠨ ᠬᠤᠪᠴᠠᠰᠤ ᠪᠠᠷ ᠶᠠᠪᠤᠬᠤ ᠠ᠋ᠴᠠ ᠪᠢᠰᠢ᠃ ᠮᠢᠨᠦ ᠳᠠᠪᠲᠠᠮᠠᠯ ᠬᠤᠶᠠᠭ ᠢ᠋ ᠰᠠᠢᠬᠠᠨ ᠪᠣᠭᠣᠵᠤ᠂ ᠭᠠᠨᠵᠤᠭᠠᠨ ᠳ᠋ᠤ᠌ ᠳᠠᠷᠤᠭᠤᠯ᠃ ᠰᠠᠭᠠᠳᠠᠭ ᠬᠣᠷᠣᠮᠰᠠᠭ᠎ᠠ ᠶ᠋ᠢ ᠠᠪ᠃ ᠢᠯᠳᠦ ᠪᠡᠨ ᠪᠢ ᠵᠡᠭᠦᠨ᠎ᠡ᠃ ᠪᠤᠰᠤᠳ ᠢ᠋ ᠲᠦᠷ ᠣᠷᠬᠢᠨ ᠰᠦᠪᠡᠭᠡᠳᠡᠢ ᠶ᠋ᠢᠨ ᠬᠠᠷ᠎ᠠ ᠲᠤᠭ ᠢ᠋ ᠰᠡᠷᠡᠭᠡ ᠪᠡᠷ ᠨᠢ ᠭᠠᠵᠠᠷ ᠰᠢᠭᠠᠬᠤ ᠴᠠᠭ ᠲᠤ᠌ ᠪᠢ ᠲᠡᠷᠡ ᠪᠦᠬᠦᠨ ᠢ᠋ ᠪᠡᠨ ᠠᠷᠪᠠᠨ ᠬᠤᠪᠢ ᠨᠡᠮᠡᠵᠦ ᠠᠪᠬᠤ ᠪᠣᠯᠤᠨ᠎ᠠ ᠭᠡᠵᠦ ᠲᠤᠰᠢᠶᠠᠵᠠᠢ᠃
ᠰᠥᠨᠢ ᠶ᠋ᠢᠨ ᠬᠣᠶᠠᠷ ᠵᠢᠩ ᠴᠣᠬᠢᠮᠠᠭᠴᠠ ᠲᠡᠷᠡ ᠬᠣᠶᠠᠷ ᠮᠣᠷᠢᠨ ᠳ᠋ᠠᠭᠠᠨ ᠮᠣᠷᠳᠠᠯ᠎ᠠ᠃ ᠪᠠᠷᠳᠠᠢ ᠵᠢᠯᠣᠭᠣ ᠪᠠᠨ ᠵᠠᠯᠠᠬᠤ ᠳ᠋ᠤ᠌ ᠴᠤ᠌ ᠬᠡᠴᠡᠭᠦᠦ ᠪᠠᠢᠭ᠎ᠠ ᠪᠣᠯᠤᠯᠲᠠᠢ᠂ ᠬᠤᠷᠤᠭᠤ ᠪᠠᠨ ᠡᠪ ᠬᠠᠪ ᠦᠭᠡᠢ ᠭᠠᠨᠠᠢᠯᠭᠠᠭᠠᠳ ᠡᠮᠡᠭᠡᠯ ᠳᠡᠭᠡᠷ᠎ᠡ ᠪᠡᠨ ᠬᠠᠵᠠᠭᠠᠢᠬᠠᠨ ᠰᠠᠭᠤᠵᠠᠢ᠃ ᠬᠠᠭᠤᠴᠢᠨ ᠰᠠᠷᠠᠨ ᠤ᠋ ᠭᠡᠷᠡᠯ ᠳ᠋ᠦ᠍ ᠡᠨᠡ ᠨᠢ ᠬᠠᠷᠢᠨ ᠴᠤ᠌ ᠤᠯᠠᠮ ᠵᠣᠬᠢᠮᠵᠢᠲᠠᠢ᠂ ᠬᠠᠷᠠᠭᠤᠯ ᠡᠷᠭᠢᠵᠦ ᠶᠠᠪᠤᠭ᠎ᠠ ᠨᠣᠶᠠᠨ ᠤ᠋ ᠳᠦᠷᠢ ᠪᠡᠷ ᠬᠤᠪᠢᠯᠬᠤ ᠳ᠋ᠤ᠌ ᠬᠢᠯᠪᠠᠷ ᠪᠣᠯᠭᠠᠵᠤ ᠪᠠᠢᠬᠤ ᠰᠢᠭ᠋ ᠰᠠᠨᠠᠭᠳᠠᠭᠰᠠᠨ ᠲᠤᠯᠠ ᠱᠠᠮᠳᠠᠭᠠᠢ ᠳᠣᠲᠣᠷ᠎ᠠ ᠪᠠᠨ ᠪᠠᠶᠠᠷᠯᠠᠨ ᠡᠮᠦᠨ᠎ᠡ ᠨᠢ ᠣᠷᠣᠵᠤ ᠬᠥᠳᠡᠯᠦᠯ᠎ᠡ᠃
ᠤᠭ ᠠ᠋ᠴᠠ ᠪᠠᠨ ᠮᠣᠩᠭᠣᠯ ᠴᠡᠷᠢᠭ ᠦ᠋ᠨ ᠬᠦᠷᠢᠶᠡᠨ ᠦ᠌ ᠳᠣᠲᠣᠷ᠎ᠠ ᠰᠥᠨᠢ ᠶ᠋ᠢᠨ ᠠᠯᠪᠠ ᠬᠠᠰᠢᠬᠤ ᠬᠥᠮᠦᠰ ᠦ᠋ᠨ ᠶᠠᠪᠤᠬᠤ ᠲᠣᠳᠣᠷᠬᠠᠢ ᠴᠢᠭ ᠪᠠᠢᠬᠤ ᠪᠥᠭᠡᠳ ᠡᠭᠦᠨ ᠢ᠋ ᠡᠰᠡ ᠪᠠᠷᠢᠮᠲᠠᠯᠠᠭᠴᠢᠳ ᠢ᠋ ᠬᠡᠪᠲᠡᠭᠦᠯ ᠬᠡᠨ ᠨᠢ ᠴᠦ᠍ ᠪᠠᠷᠢᠵᠤ ᠠᠪᠬᠤ᠂ ᠡᠰᠡᠷᠭᠦᠴᠡᠪᠡᠯ ᠮᠡᠰᠡᠯᠡᠬᠦ ᠡᠷᠬᠡ ᠲᠡᠢ ᠪᠠᠢᠳᠠᠭ ᠪᠥᠯᠥᠭᠡ᠃ ᠱᠠᠮᠳᠠᠭᠠᠢ ᠴᠣᠬᠣᠮ ᠡᠨᠡ ᠨᠢᠭᠤᠴᠠ ᠵᠠᠮ ᠢ᠋ ᠰᠠᠢᠨ ᠮᠡᠳᠡᠬᠦ ᠲᠤᠯᠠ ᠲᠡᠳᠡ ᠬᠦᠷᠢᠶᠡᠨ ᠦ᠌ ᠬᠠᠭᠠᠯᠭᠠᠨ ᠳ᠋ᠤ᠌ ᠬᠦᠷᠲᠡᠯ᠎ᠡ ᠰᠠᠭᠠᠳ ᠦᠭᠡᠢ ᠶᠠᠪᠤᠯ᠎ᠠ᠃ ᠨᠠᠷᠢᠨ ᠡᠷᠡᠮᠪᠡ ᠲᠡᠢ ᠤᠭᠰᠠᠷᠠᠭᠰᠠᠨ ᠲᠡᠮᠦᠷ ᠲᠡᠷᠭᠡ ᠨᠦ᠍ᠭᠦᠳ ᠢ᠋ ᠵᠠᠬᠠᠯᠠᠨ᠂ ᠬᠡᠷᠡᠭ ᠲᠡᠢ ᠬᠠᠭᠠᠯᠭ᠎ᠠ ᠪᠠᠨ ᠣᠯᠵᠤ ᠣᠴᠢᠬᠤ ᠳ᠋ᠤ᠌ ᠮᠣᠷᠢᠳ ᠤ᠋ᠨ ᠬᠢᠨᠢ ᠣᠮᠣᠷᠤᠤ ᠳᠣᠣᠭᠤᠷ ᠵᠢᠳᠠᠨ ᠤ᠋ ᠬᠢᠯᠪᠠᠷ ᠬᠦᠢᠲᠡᠨ ᠢ᠋ᠶ᠋ᠡᠷ ᠭᠢᠯᠪᠠᠰᠬᠢᠨ ᠬᠥᠨᠳᠡᠯᠢᠳᠦᠭᠡᠳ ᠨᠤᠮᠤ ᠲᠡᠯᠡᠬᠦ ᠲᠠᠨᠢᠯ ᠴᠢᠮᠡᠭᠡ ᠳᠥᠷᠪᠡᠨ ᠲᠠᠯ᠎ᠠ ᠳ᠋ᠤᠨᠢ ᠵᠡᠷᠭᠡ ᠰᠣᠨᠣᠰᠤᠭᠳᠠᠪᠠ᠃
— ᠭᠠᠳᠠᠭᠠᠳᠤ ᠬᠠᠷᠠᠭᠤᠯ ᠡᠷᠭᠢᠬᠦ ᠵᠠᠭᠤᠲᠤ ᠶ᠋ᠢᠨ ᠨᠣᠶᠠᠨ ᠠᠷᠭᠠᠴᠢ ᠶᠠᠪᠤᠵᠤ ᠪᠠᠢᠨ᠎ᠠ᠃ ᠡᠭᠦᠳᠡ ᠨᠡᠭᠡᠭᠡᠭᠲᠦᠨ ᠭᠡᠵᠦ ᠱᠠᠮᠳᠠᠭᠠᠢ ᠰᠥᠨᠢ ᠶ᠋ᠢᠨ ᠬᠠᠷᠠᠩᠭᠤᠢ ᠳ᠋ᠤ᠌ ᠬᠠᠮᠢᠭ᠎ᠠ ᠬᠣᠯᠠ ᠴᠤᠤᠷᠢᠶᠠᠳᠠᠬᠤ ᠠ᠋ᠴᠠ ᠰᠡᠷᠡᠮᠵᠢᠯᠡᠨ ᠮᠣᠷᠢᠨ ᠤ᠋ ᠪᠠᠨ ᠳᠡᠯ ᠤᠷᠤᠭᠤ ᠪᠥᠬᠥᠢᠵᠦ᠂ ᠠᠶᠠᠷᠬᠠᠨ ᠪᠣᠯᠪᠠᠴᠤ ᠲᠣᠳᠣ ᠳᠠᠭᠤ ᠪᠠᠷ ᠬᠡᠯᠡᠯ᠎ᠡ᠃ ᠬᠡᠪᠲᠡᠭᠦᠯ ᠦ᠋ᠳ ᠦ᠋ᠨ ᠪᠠᠷ᠎ᠠ ᠲᠡᠷᠭᠡ ᠲᠡᠢ ᠲᠠᠰᠢᠷᠠᠯᠳᠤᠭᠠᠳ ᠰᠠᠢᠨ ᠢᠯᠭᠠᠭᠳᠠᠬᠤ ᠦᠭᠡᠢ ᠪᠠᠢᠭᠰᠠᠨ ᠴᠤ᠌᠄
— ᠪᠠᠷᠠᠭᠠᠨ ᠡᠭᠦᠯᠡ ᠭᠡᠵᠦ ᠨᠠᠮᠤᠭᠤᠬᠠᠨ ᠬᠡᠯᠡᠬᠦ ᠨᠢ ᠰᠣᠨᠣᠰᠤᠭᠳᠠᠯ᠎ᠠ᠃ ᠡᠨᠡ ᠪᠣᠯ ᠬᠠᠷᠢᠭᠤᠯᠲᠠ ᠨᠡᠬᠡᠬᠦ ᠬᠠᠷᠠᠭᠤᠯ ᠤ᠋ᠨ ᠨᠢᠭᠤᠴᠠ ᠳᠣᠬᠢᠶ᠎ᠠ ᠶᠤᠮ᠃ ᠱᠠᠮᠳᠠᠭᠠᠢ ᠮᠣᠷᠢᠨ ᠤ᠋ ᠪᠠᠨ ᠬᠦᠵᠦᠭᠦᠦ ᠤᠷᠤᠭᠤ ᠪᠥᠬᠥᠢᠵᠦ᠄
— ᠡᠭᠦᠯᠡᠨ ᠵᠤᠯᠤᠬᠠᠢ ᠭᠡᠵᠦ ᠰᠢᠪᠡᠨᠡᠪᠡ᠃
ᠨᠤᠮᠤ ᠨᠤᠭᠤᠳ ᠰᠠᠭᠠᠳᠠᠭ ᠲᠠᠭᠠᠨ ᠬᠠᠷᠠᠷ ᠬᠢᠲᠡᠯ᠎ᠡ ᠣᠷᠣᠵᠤ ᠂ ᠬᠥᠨᠳᠡᠯᠢᠳᠴᠦ ᠠᠭᠰᠠᠨ ᠬᠡᠪᠲᠡᠭᠦᠯ ᠦ᠋ᠳ ᠣᠭᠲᠣ ᠪᠠᠶ᠋ᠢᠬ᠋᠎ᠠ ᠦᠭᠡᠢ ᠮᠡᠲᠦ ᠨᠠᠮ ᠭᠦᠮ ᠪᠣᠯᠪᠠ ᠃ ᠱᠠᠮᠲᠠᠭᠠᠢ ᠲᠡᠷᠢᠭᠦᠯᠡᠨ ᠂ ᠪᠠᠷᠳᠠᠢ ᠳᠠᠭᠠᠵᠤ ᠬᠣᠶᠠᠭᠤᠯᠠ ᠪᠠᠨ ᠬᠦᠷᠢᠶᠡᠨ ᠡᠴᠡ ᠭᠠᠷᠴᠤ ᠣᠳᠤᠯ᠎ᠠ ᠃ ᠵᠤᠨ ᠤ᠋ ᠳᠤᠮᠳᠠ ᠰᠠᠷ᠎ᠠ ᠶ᠋ᠢᠨ ᠬᠠᠭᠤᠴᠢᠳ ᠲᠤᠯᠠ ᠰᠠᠷᠠᠨ ᠤ᠋ ᠭᠡᠷᠡᠯ ᠪᠠᠭ᠎ᠠ ᠂ ᠡᠪᠡᠰᠦᠨ ᠦ᠌ ᠬᠤᠷᠴᠠ ᠦᠨᠦᠷ ᠰᠡᠩᠬᠢᠨᠡᠬᠰᠡᠠ ᠨᠠᠮᠤᠭᠤᠬᠠᠨ ᠰᠥᠨᠢ ᠪᠠᠶ᠋ᠢᠪᠠ ᠃ ᠡᠷᠭᠢᠬᠦ ᠪᠣᠯᠪᠠ ᠤᠤ ᠂ ᠡᠰᠡᠪᠡᠯ ᠢᠩᠭᠢᠭᠡᠳ ᠰᠢᠭᠤᠳ ᠶᠠᠪᠤᠴᠢᠬᠠᠬᠤ ᠪᠣᠯᠪᠠ ᠤᠤ ᠭᠡᠵᠦ ᠵᠣᠪᠠᠨᠢᠵᠤ ᠪᠠᠶ᠋ᠢᠬᠰᠠᠠ ᠬᠡᠳᠦᠢ ᠴᠦ᠍ ᠱᠠᠮᠲᠠᠭᠠᠢ ᠲᠡᠪᠴᠢᠨ ᠠᠮᠠ ᠪᠠᠨ ᠬᠠᠮᠬᠢᠵᠤ ᠴᠢᠭ᠌ ᠢ᠋ᠶ᠋ᠡᠷ ᠢ᠋ᠶ᠋ᠡᠨ ᠠᠯᠬᠤᠭᠤᠯᠪᠠ ᠃ ᠬᠣᠶᠠᠷ ᠬᠠᠶ᠋ᠢᠴᠢᠨ ᠬᠠᠷᠠᠭᠤᠯ ᠢ᠋ ᠲᠡᠳᠡ ᠮᠥᠨ ᠠᠶᠤᠯ ᠦᠭᠡᠢ ᠭᠡᠲᠦᠯᠪᠡ ᠃ ᠲᠡᠶ᠋ᠢᠨ ᠬᠦ ᠰᠠᠶᠢ ᠴᠢᠯᠥᠭᠡᠲᠡᠢ ᠪᠣᠯᠵᠤ ᠪᠢᠴᠢᠬᠠᠨ ᠬᠠᠮᠠᠷ ᠳᠠᠪᠠᠭᠠᠳ ᠮᠣᠷᠢᠲᠠᠢ ᠬᠥᠮᠦᠨ ᠳᠠᠯᠳᠠᠯᠠᠵᠤ ᠲᠡᠳᠦᠢ ᠨᠠᠮᠬᠠᠨ ᠮᠥᠷᠲᠡᠭᠡᠨ ᠥᠳᠬᠡᠨ ᠰᠠᠭᠯᠠᠭᠠᠷ ᠮᠥᠴᠢᠷ ᠲᠡᠢ ᠵᠡᠷᠯᠢᠭ ᠦᠵᠦᠮ ᠦ᠋ᠨ ᠲᠦᠬᠦᠯ ᠤᠷᠤᠭᠤ ᠣᠷᠣᠲᠠᠯ᠎ᠠ ᠪᠠᠷᠳᠠᠢ ᠰᠡᠴᠡᠨ ᠂
— ᠵᠣᠬᠰᠣᠶ ᠠ ᠃ ᠪᠢ ᠳᠡᠪᠡᠯ ᠢ᠋ᠶ᠋ᠡᠨ ᠲᠠᠶ᠋ᠢᠯᠣᠮᠠᠷ ᠪᠠᠶ᠋ᠢᠨ᠎ᠠ ᠭᠡᠬᠦ ᠳ᠋ᠦ᠍ ᠱᠠᠮᠳᠠᠭᠠᠢ ᠶᠠᠭᠠᠷᠠᠨ ᠪᠠᠭᠤᠵᠤ ᠂ ᠮᠣᠷᠢ ᠪᠠᠨ ᠲᠤᠱᠠᠭᠠᠳ ᠡᠵᠡᠨ ᠢ᠋ᠶ᠋ᠡᠨ ᠰᠠᠭᠤᠲᠠᠨ ᠪᠠᠭᠤᠯᠭᠠᠯ᠎ᠠ ᠃ ᠴᠢᠩᠭᠢᠬᠦ ᠳ᠋ᠡᠭᠡᠨ ᠪᠠᠷᠠᠭᠤᠨ ᠭᠠᠷ ᠢ᠋ᠶ᠋ᠠᠷ ᠢ᠋ᠶ᠋ᠠᠨ ᠵᠡᠭᠦᠨ ᠭᠠᠷ ᠊ᠢ ᠨᠢ ᠰᠤᠭᠤᠳᠠᠵᠤ ᠂ ᠵᠡᠭᠦᠨ ᠭᠠᠷ ᠢ᠋ᠶ᠋ᠠᠷ ᠢ᠋ᠶ᠋ᠠᠨ ᠮᠣᠷᠢᠨ ᠤ᠋ ᠵᠢᠯᠣᠭᠣ ᠶ᠋ᠢ ᠠᠳᠬᠤᠵᠤ ᠪᠠᠶ᠋ᠢᠬᠰᠠᠠ ᠲᠤᠯᠠ ᠡᠵᠡᠨ ᠨᠢ ᠭᠠᠵᠠᠷ ᠭᠢᠰᠭᠢᠮᠡᠭᠴᠡ ᠂ ᠪᠣᠭᠣᠨᠢ ᠮᠠᠲᠠᠭ᠎ᠠ ᠪᠠᠨ ᠰᠤᠭᠤ ᠲᠡᠳᠡᠨ ᠴᠡᠭᠡᠵᠢᠨ ᠳ᠋ᠦ᠍ ᠨᠢ ᠲᠤᠯᠭᠠᠬᠤ ᠳ᠋ᠤ᠌ ᠲᠡᠷᠡᠦᠬᠡᠨ ᠳ᠋ᠡᠭᠡᠨ ᠰᠦᠷᠡᠬᠡᠢ ᠴᠣᠴᠢᠷᠳᠠᠪᠠ ᠃ ᠮᠣᠷᠢ ᠶ᠋ᠢ ᠨᠢ ᠲᠠᠯᠪᠢᠴᠢᠬᠠᠭᠠᠳ ᠭᠠᠷ ᠠ᠋ᠴᠠ ᠨᠢ ᠠᠳᠬᠤᠵᠤ ᠠᠪᠬᠤ ᠂ ᠲᠡᠷᠡ ᠴᠦ᠍ ᠪᠠᠶ᠋ᠢᠲᠤᠭᠠᠢ ᠰᠤᠭᠤᠳᠠᠵᠤ ᠪᠠᠶ᠋ᠢᠬ᠋᠎ᠠ ᠭᠠᠷ ᠊ᠢ ᠨᠢ ᠮᠤᠰᠬᠢᠭᠠᠳ ᠲᠣᠩᠭᠣᠷᠴᠤ ᠣᠷᠬᠢᠬᠤ ᠪᠦᠷᠢᠨ ᠪᠣᠯᠣᠮᠵᠢᠲᠠᠢ ᠪᠠᠶ᠋ᠢᠬᠰᠠᠠ ᠴᠤ᠌ ᠢᠩᠭᠢᠵᠦ ᠪᠣᠯᠬᠤ ᠦᠭᠡᠢ ᠭᠡᠳᠡᠭ ᠢ᠋ᠶ᠋ᠡᠨ ᠰᠠᠢᠨ ᠮᠡᠳᠡᠵᠦ ᠪᠠᠶ᠋ᠢᠬᠰᠠᠨ ᠲᠤᠯᠠ ᠶᠡᠬᠡᠳᠡ ᠬᠡᠯᠮᠡᠭᠰᠡᠨ ᠪᠠᠶ᠋ᠢᠲᠠᠯ ᠭᠠᠷᠭᠠᠵᠤ ᠄
— ᠶᠠᠭᠠᠬᠢᠵᠤ ᠪᠠᠶ᠋ᠢᠨ᠎ᠠ ᠠ᠋ ᠂ ᠡᠵᠡᠨᠲᠡᠨ ᠭᠡᠵᠦ ᠳᠠᠭᠤ ᠠᠯᠳᠠᠯ᠎ᠠ ᠃ ᠪᠠᠷᠲᠠᠢ ᠰᠡᠴᠡᠨ ᠢᠷᠠᠭᠯᠠᠨ ᠱᠤᠤᠬᠢᠲᠤᠨᠠᠭᠰᠠᠨ ᠢᠶᠡᠨ ᠮᠠᠲᠠᠭ᠎ᠠ ᠪᠠᠨ ᠪᠦᠷ ᠴᠢᠩᠭ᠎ᠠ ᠳᠠᠷᠤᠬᠤ ᠳ᠋ᠤ᠌ ᠱᠠᠮᠳᠠᠭᠠᠢ ᠶ᠋ᠢᠨ ᠵᠡᠭᠦᠨ ᠬᠥᠬᠥ ᠶ᠋ᠢᠨ ᠳᠣᠣᠷ᠎ᠠ ᠰᠢᠷ ᠭᠡᠳ ᠬᠠᠯᠠᠭᠤ ᠣᠷᠬᠢᠨ ᠶᠠᠪᠤᠴᠢᠬᠠᠯ᠎ᠠ ᠃ ᠭᠡᠪᠡᠴᠦ ᠲᠡᠷᠡ ᠮᠣᠷᠢ ᠪᠠᠨ ᠲᠠᠯᠪᠢᠭ᠍ᠰᠠᠨ ᠦᠭᠡᠢ ᠂ ᠡᠵᠡᠨ ᠢ᠋ᠶ᠋ᠡᠨ ᠰᠣᠭᠣᠲᠣᠬᠰᠠᠠ ᠬᠡᠪ ᠢᠶᠠᠷ ᠪᠠᠶ᠋ᠢᠯ᠎ᠠ ᠃
— ᠡᠵᠡᠨ ᠭᠡᠨ᠎ᠡ ᠠ᠋ ? ᠴᠢ ᠨᠠᠮᠠᠶ᠋ᠢ ᠬᠠᠮᠢᠭᠠᠬᠠᠨᠠ ᠠᠠᠪᠠᠴᠢᠵᠣ ᠲᠥᠬᠥᠭᠡᠷᠬᠦ ᠲᠤᠰᠢᠶᠠᠯ ᠠᠪᠤᠭᠰᠠᠨ ᠪᠣᠢ ? ᠲᠡᠭᠦᠨ ᠢ᠋ᠶ᠋ᠡᠨ ᠬᠡᠯᠡ ? ᠭᠡᠵᠦ ᠪᠠᠷᠲᠠᠢ ᠠᠭᠤᠷᠰᠠᠨ ᠬᠢᠬᠤᠲᠤᠨᠠᠪᠠ ᠃
— ᠲᠡᠶ᠋ᠢᠮᠦ ᠦᠭᠡ ᠶ᠋ᠢ ᠪᠢ ᠬᠡᠨ ᠡᠴᠡ ᠴᠤ᠌ ᠰᠣᠨᠣᠰᠤᠭᠰᠠᠨ ᠦᠭᠡᠢ ᠃ ᠰᠦᠪᠡᠭᠡᠲᠠᠢ ᠪᠠᠭᠠᠲᠤᠷ ᠨᠠᠮᠠᠶ᠋ᠢ ᠲᠤᠭ ᠠ᠋ᠴᠠ ᠮᠢᠨᠢ ᠰᠠᠯᠭᠠᠵᠤ ᠂ ᠲᠠᠨ ᠤ᠋ ᠵᠠᠷᠤᠴᠠ ᠪᠣᠯᠭᠠᠭᠰᠠᠨ ᠃ ᠲᠠ ᠨᠠᠮᠠᠶ᠋ᠢ ᠦᠯᠳᠡᠨ ᠬᠥᠭᠡᠭᠡᠪᠡᠯ ᠪᠢ ᠨᠤᠲᠤᠭ ᠲᠠᠭᠠᠨ ᠲᠡᠮᠡᠴᠡᠬᠦ ᠡᠴᠡ ᠥᠭᠡᠷ᠎ᠡ ᠵᠠᠮ ᠦᠭᠡᠢ ᠃ ᠬᠣᠷᠣᠭᠠᠰᠤᠭᠠᠢ ᠬᠡᠮᠡᠪᠡᠰᠦ ᠮᠥᠨ ᠮᠥᠴᠡᠭᠡᠷᠬᠡᠵᠦ ᠦᠯᠦ ᠵᠢᠷᠦᠬᠡᠯᠡᠨ᠎ᠡ ᠃ ᠮᠥᠷ ᠢ᠋ᠶ᠋ᠡᠨ ᠬᠥᠭᠡᠭᠡᠪᠡᠯ ᠪᠠᠰᠠ ᠶᠠᠯ᠎ᠠ ᠨᠠᠳᠠ ᠳᠡᠭᠡᠷ᠎ᠡ ᠪᠠᠭᠤᠬᠤ ᠪᠣᠢ ᠵᠡᠦ ᠭᠡᠵᠦ ᠱᠠᠮᠳᠠᠭᠠᠢ ᠬᠡᠯᠡᠯ᠎ᠡ ᠃ ᠪᠠᠷᠲᠠᠢ ᠭᠠᠷ ᠢ᠋ᠶ᠋ᠠᠨ ᠪᠠᠭ᠎ᠠ ᠵᠡᠷᠭᠡ ᠰᠤᠯᠠᠯᠠᠭᠰᠠᠨ ᠪᠣᠯᠪᠠᠴᠤ ᠠᠨᠠᠢ ᠯᠠ ᠵᠠᠨᠤᠯᠬᠢᠯᠠᠭᠰᠠᠨ ᠬᠡᠪ ᠢᠶᠠᠷ ᠄
— ᠲᠡᠭᠡᠪᠡᠯ ᠴᠢ ᠣᠳᠣ ᠨᠠᠮᠠᠶ᠋ᠢ ᠳᠠᠭᠠᠵᠤ ᠬᠠᠮᠢᠭᠠᠰᠢ ᠪᠠᠨ ᠣᠳᠬᠤ ᠴᠢᠨᠢ ᠡᠨᠡ ᠪᠣᠢ ?
— ᠪᠢ ᠶᠠᠭᠠᠬᠢᠨ ᠮᠡᠳᠡᠬᠦ ᠪᠢᠯᠡ᠃ ᠨᠢᠭᠡᠨᠲᠡ ᠲᠠᠨ ᠤ᠋ ᠵᠠᠷᠤᠴᠠ ᠪᠣᠯᠤᠭᠰᠠᠨ ᠲᠤᠯᠠ ᠠᠮᠢ ᠪᠡᠶ᠎ᠡ ᠶ᠋ᠢ ᠲᠠᠨᠢ ᠬᠠᠮᠠᠭᠠᠯᠠᠬᠤ ᠬᠢᠭᠡᠳ᠂ ᠵᠢᠭᠠᠭᠰᠠᠨ ᠵᠢᠷᠤᠭᠰᠠᠨ ᠢ᠋ ᠲᠠᠨᠢ ᠵᠠᠰᠠᠪᠤᠷᠢ ᠦᠭᠡᠢ ᠪᠡᠶᠡᠯᠡᠭᠦᠭᠦ ᠪᠠᠨ ᠯᠠ ᠮᠡᠳᠡᠨ᠎ᠡ᠃ ᠵᠠᠮᠤᠬ᠎ᠠ ᠨᠣᠶᠠᠨ ᠢ᠋ᠶ᠋ᠠᠨ ᠪᠠᠷᠢᠵᠤ ᠢᠷᠡᠭᠰᠡᠨ ᠪᠣᠭᠣᠯᠴᠤᠳ ᠢ᠋ ᠶᠡᠬᠡ ᠬᠠᠭᠠᠨ᠂ ᠠᠨᠳᠠ ᠶ᠋ᠢᠨ ᠢ᠋ᠶ᠋ᠡᠨ ᠨᠢᠳᠦᠨ ᠦ᠌ ᠡᠮᠦᠨ᠎ᠡ ᠬᠣᠷᠣᠭᠠᠬᠤ ᠶ᠋ᠢ ᠪᠢ ᠦᠵᠡᠭᠰᠡᠨ ᠬᠥᠮᠦᠨ ᠭᠡᠵᠦ ᠱᠠᠮᠳᠠᠭᠠᠢ ᠲᠠᠢᠪᠤᠩ ᠢ᠋ᠶ᠋ᠠᠷ ᠤᠴᠢᠷᠯᠠᠪᠠ᠃ ᠡᠢᠮᠦᠷᠬᠦ ᠦᠶ᠎ᠡ ᠳ᠋ᠦ᠍ ᠬᠡᠳᠦ ᠪᠢᠯᠪᠢᠭᠦᠷᠳᠡᠪᠡᠯ ᠪᠠᠷᠳᠠᠢ ᠰᠡᠴᠡᠨ ᠰᠢᠭ ᠬᠤᠷᠴᠠ ᠬᠥᠮᠦᠨ ᠳ᠋ᠦ᠍ ᠲᠠᠭᠠᠰᠢᠶᠠᠭᠳᠠᠬᠤ ᠦᠭᠡᠢ ᠭᠡᠳᠡᠭ ᠢ᠋ ᠲᠡᠷᠡ ᠣᠢᠯᠭᠠᠵᠤ ᠪᠠᠢᠯ᠎ᠠ᠃ ᠬᠡᠯᠡᠭᠰᠡᠨ ᠪᠦᠬᠦᠨ ᠢ᠋ᠶ᠋ᠡᠨ ᠠᠨᠳᠠᠭᠠᠢᠯᠠ ᠭᠡᠵᠦ ᠰᠢᠬᠠᠭᠰᠠᠨ ᠨᠢ ᠲᠡᠭᠦᠨ ᠦ᠌ ᠬᠤᠪᠢ ᠳ᠋ᠤ᠌ ᠢᠴᠢᠩᠭᠦᠷᠡᠬᠦ ᠵᠦᠢᠯ ᠦᠭᠡᠢ ᠪᠥᠭᠡᠳ ᠦᠨᠡᠨ ᠳ᠋ᠡᠭᠡᠨ ᠲᠡᠷᠡ ᠪᠠᠷᠲᠠᠢ ᠰᠡᠴᠡᠨ ᠳ᠋ᠦ᠍ ᠮᠠᠭᠤ ᠶᠠᠭᠤᠮ᠎ᠠ ᠬᠢᠶ᠎ᠡ ᠭᠡᠵᠦ ᠣᠭᠲᠣᠬᠠᠨ ᠴᠤ᠌ ᠪᠣᠳᠣᠭᠰᠠᠨ ᠦᠭᠡᠢ ᠲᠤᠯᠠ ᠳᠠᠷᠤᠢ ᠮᠥᠩᠬᠡ ᠲᠡᠭᠷᠢ ᠶ᠋ᠢ ᠵᠢᠭᠠᠵᠤ ᠠᠮᠠ ᠠᠯᠳᠠᠯ᠎ᠠ᠃
ᠮᠡᠷᠭᠢᠳ ᠡᠷ᠎ᠡ ᠬᠥᠲᠥᠴᠢ ᠪᠡᠨ ᠰᠢᠯᠭᠠᠵᠤ ᠳᠠᠭᠤᠰᠪᠠ ᠪᠣᠯᠤᠯᠲᠠᠢ ᠬᠦᠴᠦᠯᠡᠨ ᠮᠦᠰᠢᠶᠡᠬᠦ ᠠᠶᠠᠳᠠᠭᠰᠠᠨ ᠢ᠋ᠶ᠋ᠠᠨ ᠮᠠᠲᠠᠭ᠎ᠠ ᠪᠠᠨ ᠴᠢᠯᠠᠭᠤᠳᠠᠴᠢᠬᠠᠭᠠᠳ ᠰᠠᠭᠤᠨ ᠲᠤᠰᠪᠠ᠃ ᠱᠠᠮᠳᠠᠭᠠᠢ ᠬᠤᠪᠴᠠᠰᠤ ᠶ᠋ᠢ ᠨᠢ ᠲᠠᠢᠯᠬᠤ ᠪᠠᠷ ᠶᠠᠭᠠᠷᠠᠯ᠎ᠠ᠃ ᠨᠢᠷᠤᠭᠤᠨ ᠤ᠋ ᠨᠢ ᠰᠢᠷᠬ᠎ᠠ ᠬᠤᠪᠴᠠᠰᠤᠨ ᠳ᠋ᠤ᠌ ᠦᠷᠡᠭᠳᠡᠨ᠂ ᠳᠠᠬᠢᠭᠠᠳ ᠴᠢᠰᠤ ᠨᠡᠪᠴᠢᠵᠦ ᠡᠬᠢᠯᠡᠭᠰᠡᠨ ᠲᠤᠯᠠ ᠡᠵᠡᠨ ᠵᠠᠷᠤᠴᠠ ᠬᠣᠶᠠᠷ ᠲᠤ ᠶᠠᠭ ᠦᠭᠡᠢ ᠠᠵᠢᠯ ᠣᠷᠭᠣᠭᠠᠳ᠂ ᠬᠣᠯᠠ ᠦᠭᠡᠢ ᠬᠡᠷᠦᠵᠦ ᠣᠷᠬᠢᠭ᠍ᠰᠠᠨ ᠮᠣᠷᠢᠳ ᠨᠢ ᠠᠨᠢᠷ ᠠᠪᠴᠤ ᠬᠠᠮᠠᠷ ᠢ᠋ᠶ᠋ᠠᠨ ᠲᠠᠴᠢᠭᠢᠨᠠᠭᠤᠯᠤᠨ ᠴᠢᠬᠢ ᠪᠡᠨ ᠬᠠᠢᠴᠢᠯᠠᠵᠤ ᠪᠠᠢᠬᠤ ᠶ᠋ᠢ ᠠᠩᠵᠠᠭᠠᠷᠠᠭᠰᠠᠨ ᠦᠭᠡᠢ᠃
ᠦᠵᠦᠮ ᠦ᠋ᠨ ᠲᠦᠭᠦᠯ ᠳ᠋ᠦ᠍ ᠪᠠᠰᠠ ᠭᠤᠷᠪᠠᠳᠠᠬᠢ ᠬᠥᠮᠦᠨ ᠪᠠᠢᠵᠠᠢ᠃ ᠪᠠᠷᠠᠭᠠᠨ ᠠᠯᠴᠢᠭᠤᠷ ᠢ᠋ᠶ᠋ᠠᠷ ᠨᠢᠭᠤᠷ ᠢ᠋ᠶ᠋ᠠᠨ ᠪᠢᠳᠡᠭᠦᠯᠵᠤ᠂ ᠦᠨᠳᠦᠰᠦ ᠤᠭᠰᠠᠭ᠎ᠠ ᠨᠢ ᠦᠯᠦ ᠢᠯᠭᠠᠭᠳᠠᠬᠤ ᠠᠭᠤᠵᠢᠮ ᠪᠦᠭᠡᠭᠡᠨ ᠬᠤᠪᠴᠠᠰᠤ ᠪᠠᠷ ᠪᠡᠶ᠎ᠡ ᠪᠡᠨ ᠣᠷᠢᠶᠠᠴᠢᠬᠠᠭᠰᠠᠨ ᠲᠡᠷᠡ ᠬᠥᠮᠦᠨ ᠭᠠᠭᠴᠠᠬᠠᠨ ᠪᠤᠲᠠᠨ ᠤ᠋ ᠴᠢᠨᠠᠳᠤ ᠭᠠᠵᠠᠷ ᠲᠤ᠌ ᠨᠠᠭᠠᠯᠳᠤᠬᠤ ᠰᠢᠬᠠᠮ ᠬᠡᠪᠲᠡᠭᠡᠳ ᠲᠡᠳᠡᠨ ᠢ᠋ ᠠᠵᠢᠭ᠍ᠯᠠᠨ᠂ ᠶᠠᠷᠢᠶ᠎ᠠ ᠬᠥᠭᠡᠷᠦᠭᠡ ᠶ᠋ᠢ ᠨᠢ ᠰᠣᠨᠣᠰᠤᠭᠰᠠᠨ ᠲᠡᠳᠦᠢ ᠦᠭᠡᠢ ᠲᠡᠳᠡ ᠰᠢᠷᠬ᠎ᠠ ᠪᠠᠨ ᠬᠠᠭᠠᠰ ᠳᠤᠲᠠᠭᠤ ᠪᠣᠭᠣᠭᠠᠳ᠂ ᠬᠠᠮᠢᠭᠠᠰᠢ ᠪᠠᠨ ᠶᠠᠪᠤᠬᠤ ᠪᠠᠨ ᠬᠡᠯᠡᠯᠴᠡᠨ ᠮᠣᠷᠳᠠᠬᠤ ᠬᠦᠷᠲᠡᠯ᠎ᠡ ᠨᠢ ᠪᠠᠢᠭ᠍ᠰᠠᠭᠠᠷ ᠪᠠᠢᠯ᠎ᠠ᠃
ᠤᠷᠭᠤᠭᠴᠢᠳ ᠤ᠋ᠨ ᠪᠠᠷ᠎ᠠ ᠳᠠᠯᠳᠠ ᠣᠷᠣᠭᠰᠠᠨ ᠬᠣᠢᠨ᠎ᠠ ᠪᠠᠷᠠᠭᠠᠨ ᠬᠤᠪᠴᠠᠰᠤᠲᠤ ᠠᠭᠠᠵᠢᠮᠬᠠᠨ ᠥᠨᠳᠡᠢᠵᠦ᠂ ᠤᠷᠲᠤ ᠬᠤᠪᠴᠠᠰᠤᠨ ᠤ᠋ ᠪᠠᠨ ᠬᠣᠷᠮᠣᠢ ᠶ᠋ᠢ ᠰᠢᠭᠤᠬᠤ ᠵᠠᠭᠤᠷ᠎ᠠ < ᠮᠡᠷᠭᠢᠳ ᠠᠬ᠎ᠠ ᠳᠡᠭᠦᠦ ᠨᠠᠷ ᠲᠠᠭᠠᠨ ᠣᠴᠢᠨ᠎ᠠ ᠭᠡᠨ᠎ᠡ ᠠ᠋ > ᠭᠡᠵᠦ ᠠᠮᠠᠨ ᠳ᠋ᠠᠭᠠᠨ ᠰᠢᠪᠡᠨᠡᠵᠦ ᠪᠠᠢᠬᠤ ᠶ᠋ᠢ ᠨᠢ ᠬᠠᠷᠢᠨ ᠰᠣᠨᠣᠰᠬᠤ ᠬᠥᠮᠦᠨ ᠡᠨᠡ ᠠᠭᠯᠠᠭ ᠲᠦᠭᠦᠯ ᠳ᠋ᠦ᠍ ᠳᠠᠬᠢᠭᠠᠳ ᠪᠠᠢᠭ᠍ᠰᠠᠨ ᠦᠭᠡᠢ ᠠᠵᠤᠭᠤ᠃
