ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –10 > Гангын урсгал – Чингис  эзний алтан ургийн түүх  Канкны урсгал нэрт бичиг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –10 > Гангын урсгал – Чингис  эзний алтан ургийн түүх  Канкны урсгал нэрт бичиг

ᠭᠠᠩᠬ᠋᠎ᠠ ᠶ᠋ᠢᠨ ᠤᠷᠤᠰᠬᠠᠯ – ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ < ᠠᠩᠬᠠᠨ ᠤ ᠪᠦᠯᠦᠭ –10 > Гангын урсгал – Чингис  эзний алтан ургийн түүх  Канкны урсгал нэрт бичиг

ᠠᠩᠭᠢᠯᠠᠯ:ᠲᠡᠦᠬᠡ ᠰᠣᠶᠣᠯ
2023-04-27

354

ᠴᠢᠩᠭᠢᠰ ᠡᠵᠡᠨ ᠪ ᠠᠯᠲᠠᠨ ᠤᠷᠤᠭ ᠦ᠋ᠨ ᠲᠡᠦᠬᠡ ᠺᠠᠩᠺᠠ ᠶ᠋ᠢᠨ ᠤᠷᠤᠰᠬᠠᠯ ᠨᠡᠷᠡᠲᠦ ᠪᠢᠴᠢᠭ ᠣᠷᠣᠰᠢᠪᠠ

ᠤᠤᠬᠠᠨ ᠨᠠᠢ᠍ᠮᠠᠨ ᠨᠣᠶᠠᠳ ᠤᠨ ᠤᠭ


               ᠣᠣᠬᠠᠨ① ᠨᠠᠢ᠍ᠮᠠᠨ ② ᠨᠣᠶᠠᠳ ᠤ᠋ᠨ ᠤᠭ 

     ᠳᠥᠲᠥᠭᠡᠷ ᠲᠠᠪᠤᠳᠤᠭᠠᠷ ᠳᠡᠭᠦᠦ③ ᠣᠮᠲᠤ ᠭᠦᠩᠲᠦ ᠬᠣᠶᠠᠷ ᠳᠡᠯᠭᠡᠭᠦᠰ ᠰᠢᠪᠠᠭᠤᠴᠢᠨ ᠊ᠢ ᠳᠠᠷᠣᠯᠠᠭᠪᠠᠢ ᠠᠯᠠᠭ ᠬᠠᠭᠠᠨ④ ᠤ᠋ ᠳᠡᠭᠦᠦ ᠨᠡᠮᠡᠭ ᠨᠣᠶᠠᠨ⑤ ᠣᠣᠬᠠᠨ ᠂ ᠨᠠᠢ᠍ᠮᠠᠨ ᠠᠯᠭᠠᠴᠢᠳ ᠊ᠢ ᠳᠠᠷᠤᠭᠠᠯᠠᠭᠰᠠᠨ ᠲᠡᠭᠦᠨᠦ ᠬᠥᠪᠡᠭᠦᠨ ᠪᠤᠶ᠋ᠢᠮᠠᠨ ᠲᠠᠶ᠋ᠢᠵᠢ⑥ ᠂ ᠲᠡᠭᠦᠨᠦ ᠬᠣᠶᠠᠷ ᠬᠥᠪᠡᠭᠦᠨ ᠲᠣᠴᠠᠩ ᠲᠤᠷᠬᠠᠯ⑦ ᠨᠣᠶᠠᠨ ᠂ ᠡᠰᠡᠨ ᠣᠶ᠋ᠢᠵᠤᠩ ᠨᠣᠶᠠᠨ ᠂ ᠲᠤᠷᠬᠠᠯ ᠨᠣᠶᠠᠨ ᠤ᠋ ᠬᠥᠪᠡᠭᠦᠨ ᠳᠠᠶ᠋ᠢᠴᠢᠩ ᠲᠦᠷᠡᠩ ᠳ᠋ᠦ᠍ᠷ ᠬᠣᠶᠠᠷ ᠬᠥᠪᠡᠭᠦᠨ ᠰᠤᠨᠤᠮ ᠲᠦᠷᠡᠩ ᠂ ᠰᠡᠷᠡᠩ  

— — — — 
① 《 ᠮᠣᠩᠭᠣᠯ ᠤ᠋ᠨ ᠨᠡᠭᠦᠬᠦ ᠮᠠᠯᠵᠢᠯ ᠤ᠋ᠨ ᠮᠠᠯᠵᠢᠯ ᠤ᠋ᠨ ᠲᠡᠮᠳᠡᠭᠯᠡᠯ 》 ᠳ᠋ᠦ᠍ᠷ ᠲᠡᠮᠳᠡᠭᠯᠡᠭᠰᠡᠨ ᠢᠨᠤ ᠄ 《 ᠣᠣᠬᠠᠨ ᠠᠶ᠋ᠢᠮᠠᠭ ᠠᠨᠤ ᠪᠠᠶᠠᠰᠬᠤᠯᠠᠩ ᠬᠠᠳᠠ ᠳ᠋ᠤ᠌ ᠬᠠᠭᠠᠯᠭ᠎ᠠ (喜峰口 ) ᠠ᠋ᠴᠠ ᠵᠡᠭᠦᠨ ᠬᠣᠶ᠋ᠢᠰᠢ ᠵᠢᠷᠭᠤᠭᠠᠨ ᠵᠠᠭᠤᠨ ᠭᠠᠵᠠᠷ ᠲᠤᠷ ᠬᠥᠷᠥᠮᠦᠢ ᠃ ᠨᠡᠶ᠋ᠢᠰᠯᠡᠯ ᠬᠣᠲᠠᠨ ᠳ᠋ᠤᠷ ᠬᠦᠷᠴᠦ ᠢᠷᠡᠬᠦᠢ ᠢᠨᠤ ᠨᠢᠭᠡᠨ ᠮᠢᠩᠭᠠᠨ ᠠᠷᠪᠠᠨ ᠭᠠᠵᠠᠷ ᠪᠤᠶᠤ ᠃ ᠵᠡᠭᠦᠨᠰᠢ ᠪᠠᠷᠠᠭᠤᠨᠰᠢ ᠬᠠᠷᠢᠯᠴᠠᠨ ᠠᠯᠤᠰᠯᠠᠭᠰᠠᠨ ᠠᠨᠤ ᠵᠢᠷᠠᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤ ᠨᠠᠶᠠᠨ ᠭᠠᠵᠠᠷ ᠠᠵᠤᠭᠤ ᠃ ᠵᠡᠭᠦᠨ ᠡᠲᠡᠭᠡᠳ ᠢᠨᠤ ᠨᠠᠢ᠍ᠮᠠᠨ ᠤ᠋ ᠵᠠᠬ᠎ᠠ ᠳ᠋ᠤᠷ ᠨᠡᠶ᠋ᠢᠯᠡᠵᠦᠬᠦᠢ ᠂ ᠪᠠᠷᠠᠭᠤᠨ ᠡᠲᠡᠭᠡᠳ ᠢᠨᠤ ᠬᠠᠷᠠᠴᠢᠨ ᠤ᠋ ᠵᠠᠬ᠎ᠠ ᠳ᠋ᠤᠷ ᠨᠡᠶ᠋ᠢᠯᠡᠵᠦᠬᠦᠢ ᠂ ᠡᠮᠦᠨ᠎ᠡ ᠡᠲᠡᠭᠡᠳ ᠢᠨᠤ ᠲᠦᠮᠡᠳ ᠦ᠋ᠨ ᠵᠠᠬ᠎ᠠ ᠳ᠋ᠤᠷ ᠨᠡᠶ᠋ᠢᠯᠡᠵᠦᠬᠦᠢ ᠂ ᠤᠮᠠᠷ᠎ᠠ ᠡᠲᠡᠭᠡᠳ ᠢᠨᠤ ᠣᠩᠨᠢᠭᠤᠳ ᠤ᠋ᠨ ᠵᠠᠬ᠎ᠠ ᠳ᠋ᠤᠷ ᠨᠡᠶ᠋ᠢᠯᠡᠵᠦᠬᠦᠢ ᠃ ᠡᠷᠲᠡᠨ ᠦ᠌ ᠱ‍ᠢᠶᠠᠨᠪᠸᠢ ᠶ᠋ᠢᠨ ᠨᠤᠲᠤᠭ ᠠᠭᠰᠠᠨ ᠢ᠋ᠶ᠋ᠠᠨ ᠰᠦᠢ ᠤᠯᠤᠰ ᠤ᠋ᠨ ᠦᠶ᠎ᠡ ᠳ᠋ᠦ᠍ᠷ ᠬᠢᠳᠠᠨ ᠤ᠋ ᠨᠤᠲᠤᠭ ᠪᠣᠯᠪᠠᠢ ᠃ ᠳᠠᠩ ᠤᠯᠤᠰ ᠤ᠋ᠨ ᠦᠶ᠎ᠡ ᠳ᠋ᠦ᠍ ᠢᠩ ᠵᠧᠦ ᠳ᠋ᠦ᠋ᠳᠦ ᠶ᠋ᠢᠨ ᠶᠠᠮᠤᠨ ᠳ᠋ᠤᠷ ᠬᠠᠷᠢᠶᠠᠯᠠᠭᠳᠠᠨ ᠠᠭᠰᠠᠨ ᠢ᠋ᠶ᠋ᠠᠨ ᠬᠣᠶ᠋ᠢᠨ᠎ᠠ ᠠᠨᠤ ᠺᠦᠮᠦᠰᠢ ᠶ᠋ᠢᠨ ᠨᠤᠲᠤᠭ ᠲᠤᠷ ᠪᠠᠭᠲᠠᠯᠤᠭ᠎ᠠ ᠃ ᠯᠢᠶᠣᠤ ᠤᠯᠤᠰ ᠂ ᠠᠯᠲᠠᠨ ᠤᠯᠤᠰ ᠤ᠋ᠨ ᠦᠶ᠎ᠡ ᠳ᠋ᠦ᠍ᠷ ᠰᠢᠩ ᠶᠦᠩ ᠹᠦ ᠶᠠᠮᠤᠨ ᠤ᠋ ᠬᠣᠶ᠋ᠢᠲᠤ ᠬᠢᠵᠠᠭᠠᠷ ᠪᠣᠯᠵᠤ ᠶᠤᠸᠠᠨ ᠤᠯᠤᠰ ᠤ᠋ᠨ ᠦᠶ᠎ᠡ ᠳ᠋ᠦ᠍ᠷ ᠯᠢᠶᠣᠤ ᠸᠠᠩ ᠤ᠋ᠨ ᠡᠷᠭᠦᠮᠵᠢᠯᠡᠭᠳᠡᠭᠰᠡᠨ ᠨᠤᠲᠤᠭ ᠪᠣᠯᠵᠤᠬᠤᠢ ᠃ ᠮᠢᠩ ᠤᠯᠤᠰ ᠤ᠋ᠨ ᠡᠬᠢᠨ ᠳ᠋ᠦ᠍ᠷ ᠮᠣᠩᠭᠣᠯ ᠳ᠋ᠤᠷ ᠣᠷᠣᠪᠠᠢ ᠃ ᠶᠤᠸᠠᠨ ᠲᠠᠶ᠋ᠢᠽᠦ ᠶ᠋ᠢᠨ ᠠᠷᠪᠠᠨ ᠲᠠᠪᠤᠳᠤᠭᠠᠷ ᠦᠶ᠎ᠡ ᠶ᠋ᠢᠨ ᠠᠴᠢ ᠳᠠᠶᠠᠨ ᠰᠡᠴᠡᠨ ᠬᠠᠭᠠᠨ ᠤ᠋ ᠤᠤᠭᠠᠨ ᠬᠥᠪᠡᠭᠦᠨ ᠲᠥᠷᠥ ᠪᠣᠯᠣᠳ ᠬᠣᠶᠠᠷ ᠬᠥᠪᠡᠭᠦᠨ ᠲᠡᠢ ᠠᠵᠤᠭᠤ ᠃ ᠳᠡᠳ᠋ ᠢᠨᠤ ᠨᠡᠮᠡᠭ ᠂ ᠲᠡᠭᠦᠨ ᠦ᠌ ᠬᠥᠪᠡᠭᠦᠨ ᠪᠣᠶ᠋ᠢᠮᠠ ᠲᠦᠰᠢᠶᠡᠲᠦ ᠂ ᠲᠡᠭᠦᠨ ᠦ᠌ ᠬᠣᠶᠠᠷ ᠬᠥᠪᠡᠭᠦᠨ ᠡᠴᠡ ᠤᠤᠭᠠᠨ ᠠᠨᠤ ᠳᠠᠶ᠋ᠢᠴᠢᠩ ᠳᠦᠭᠦᠷᠡᠩ ᠦ᠋ᠨ ᠦᠶ᠎ᠡ ᠳ᠋ᠦ᠍ᠷ ᠥᠪᠡᠷ ᠦ᠋ᠨ ᠬᠠᠷᠢᠶᠠᠲᠤ ᠠᠶ᠋ᠢᠮᠠᠭ ᠢ᠋ᠶ᠋ᠠᠨ ᠣᠣᠬᠠᠨ ᠭᠡᠮᠡᠨ ᠨᠡᠷᠡᠶ᠋ᠢᠤᠠᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠣᠣᠬᠠᠨ ᠨᠢᠭᠡ ᠬᠣᠰᠢᠭᠤ ᠪᠣᠯᠤᠨ ᠵᠣᠣ ᠤᠳᠠ ᠶ᠋ᠢᠨ ᠴᠢᠭᠤᠯᠭᠠᠨ ᠳ᠋ᠤᠷ ᠪᠠᠭᠲᠠᠵᠤᠬᠤᠢ ᠃   
② 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠲᠡᠮᠳᠡᠭᠯᠡᠭᠰᠡᠨ ᠢᠨᠤ ᠄ 《 ᠨᠠᠢ᠍ᠮᠠᠨ ᠠᠶ᠋ᠢᠮᠠᠭ ᠠᠨᠤ ᠪᠠᠶᠠᠰᠬᠤᠯᠠᠩ ᠬᠠᠳᠠ ᠳ᠋ᠤ᠌ ᠬᠠᠭᠠᠯᠭ᠎ᠠ (喜峰口 ) ᠠ᠋ᠴᠠ ᠵᠡᠭᠦᠨ ᠬᠣᠶ᠋ᠢᠰᠢ ᠳᠣᠯᠣᠭᠠᠨ ᠵᠠᠭᠤᠨ ᠭᠠᠵᠠᠷ ᠲᠤᠷ ᠬᠥᠷᠥᠮᠦᠢ ᠃ ᠨᠡᠶ᠋ᠢᠰᠯᠡᠯ ᠬᠣᠲᠠᠨ ᠳ᠋ᠤ᠌ ᠬᠦᠷᠴᠦ ᠢᠷᠡᠬᠦᠢ ᠢᠨᠤ ᠨᠢᠭᠡ ᠮᠢᠩᠭ᠎ᠠ ᠨᠢᠭᠡ ᠵᠠᠭᠤᠨ ᠠᠷᠪᠠᠨ ᠭᠠᠵᠠᠷ ᠪᠤᠶᠤ ᠃ ᠵᠡᠭᠦᠨᠰᠢ ᠪᠠᠷᠠᠭᠤᠨᠰᠢ ᠬᠠᠷᠢᠯᠴᠠᠨ ᠠᠯᠤᠰᠯᠠᠭᠰᠠᠨ ᠠᠨᠤ ᠶᠡᠷᠡᠨ ᠲᠠᠪᠤᠨ ᠭᠠᠵᠠᠷ ᠂ ᠡᠮᠦᠨ᠎ᠡ ᠤᠮᠠᠷ᠎ᠠ ᠬᠠᠷᠢᠯᠴᠠᠨ ᠠᠯᠤᠰᠯᠠᠭᠰᠠᠨ ᠠᠨᠤ ᠬᠣᠶᠠᠷ ᠵᠠᠭᠤ ᠬᠣᠷᠢᠨ ᠭᠠᠵᠠᠷ ᠠᠵᠤᠭᠤ ᠃ ᠵᠡᠭᠦᠨ ᠡᠲᠡᠭᠡᠳ ᠢᠨᠤ ᠬᠠᠯᠬ᠎ᠠ ᠵᠡᠭᠦᠨ ᠭᠠᠷᠤᠨ ᠬᠤᠰᠢᠭᠤᠨ ᠳ᠋ᠤᠷ ᠵᠠᠬ᠎ᠠ ᠨᠡᠶ᠋ᠢᠯᠡᠵᠦᠬᠦᠢ ᠂ ᠪᠠᠷᠠᠭᠤᠨ ᠡᠲᠡᠭᠡᠳ ᠢᠨᠤ ᠤᠤᠬᠠᠨ ᠳ᠋ᠤᠷ ᠵᠠᠬ᠎ᠠ ᠨᠡᠶ᠋ᠢᠯᠡᠵᠦᠬᠦᠢ ᠂ ᠡᠮᠦᠨ᠎ᠡ ᠡᠲᠡᠭᠡᠳ ᠢᠨᠤ ᠲᠦᠮᠡᠳ ᠲᠣᠷ ᠵᠠᠬ᠎ᠠ ᠨᠡᠶ᠋ᠢᠯᠡᠵᠦᠬᠦᠢ ᠂ ᠤᠮᠠᠷ᠎ᠠ ᠡᠲᠡᠭᠡᠳ ᠢᠨᠤ ᠣᠩᠨᠢᠭᠤᠳ ᠲᠤᠷ ᠵᠠᠬ᠎ᠠ ᠨᠡᠶ᠋ᠢᠯᠡᠵᠦᠬᠦᠢ ᠃ ᠡᠷᠲᠡᠨ ᠦ᠌ ᠱᠢᠶᠠᠨᠪᠧᠢ ᠶ᠋ᠢᠨ ᠨᠤᠲᠤᠭ ᠠᠭᠰᠠᠨ ᠢ᠋ᠶ᠋ᠠᠨ ᠰᠦᠢ ᠤᠯᠤᠰ ᠤ᠋ᠨ ᠦᠶ᠎ᠡ ᠳ᠋ᠦ᠍ᠷ ᠬᠢᠳᠠᠨ ᠤ᠋ ᠨᠤᠲᠤᠭ ᠪᠣᠯᠪᠠᠢ ᠃ ᠳᠠᠩ ᠤᠯᠤᠰ ᠤ᠋ᠨ ᠦᠶ᠎ᠡ ᠳ᠋ᠦ᠍ᠷ ᠢᠩ ᠵᠧᠦ ᠳ᠋ᠦ᠋ᠳᠦ ᠶ᠋ᠢᠨ ᠶᠠᠮᠤᠨ ᠳ᠋ᠤᠷ ᠬᠠᠷᠢᠶᠠᠯᠠᠭᠳᠠᠨ ᠠᠭᠰᠠᠨ ᠢ᠋ᠶ᠋ᠠᠨ ᠬᠣᠶ᠋ᠢᠨ᠎ᠠ ᠠᠨᠤ ᠺᠦᠮᠤᠰᠢ ᠶ᠋ᠢᠨ ᠨᠤᠲᠤᠭ ᠲᠤᠷ ᠪᠠᠭᠲᠠᠯᠤᠭ᠎ᠠ ᠃ ᠯᠢᠶᠣᠤ ᠤᠯᠤᠰ ᠂ ᠠᠯᠲᠠᠨ ᠤᠯᠤᠰ ᠤ᠋ᠨ ᠦᠶ᠎ᠡ ᠳ᠋ᠦ᠍ᠷ ᠰᠢᠩ ᠵᠦᠩ ᠹᠦ ᠶᠠᠮᠤᠨ ᠤ᠋ ᠬᠣᠶ᠋ᠢᠲᠤ ᠬᠢᠵᠠᠭᠠᠷ ᠪᠣᠯᠵᠤ ᠶᠤᠸᠠᠨ ᠤᠯᠤᠰ ᠤ᠋ᠨ ᠦᠶ᠎ᠡ ᠳ᠋ᠦ᠍ᠷ ᠯᠢᠶᠣᠤ ᠸᠠᠩ ᠤ᠋ᠨ ᠡᠷᠭᠦᠮᠵᠢᠯᠡᠭᠳᠡᠭᠰᠡᠨ ᠨᠤᠲᠤᠭ ᠪᠣᠯᠵᠤᠬᠤᠢ ᠃ ᠮᠢᠩ ᠤᠯᠤᠰ ᠤ᠋ᠨ ᠦᠶ᠎ᠡ ᠳ᠋ᠦ᠍ᠷ ᠮᠣᠩᠭᠣᠯ ᠳ᠋ᠤᠷ ᠣᠷᠣᠪᠠᠢ ᠃ ᠶᠤᠸᠠᠨ ᠲᠠᠶ᠋ᠢᠽᠦ ᠶ᠋ᠢᠨ ᠳᠡᠭᠦᠦ ᠬᠠᠪᠤᠲᠤ ᠬᠠᠰᠠᠷ ᠨᠠᠢ᠍ᠮᠠᠨ ᠊ᠢ ᠲᠦᠪᠰᠢᠳᠬᠡᠪᠡᠢ ᠃ ᠲᠠᠶ᠋ᠢᠽᠦ ᠶ᠋ᠢᠨ ᠠᠷᠪᠠᠨ ᠵᠢᠷᠭᠤᠳᠤᠭᠠᠷ ᠦᠶ᠎ᠡ ᠶ᠋ᠢᠨ ᠠᠴᠢ ᠲᠥᠷᠥ ᠪᠣᠯᠣᠳ ᠠ᠋ᠴᠠ ᠳᠣᠷᠣᠭᠰᠢ ᠭᠤᠷᠪᠠᠨ ᠦᠶ᠎ᠡ ᠪᠣᠯᠵᠤ ᠠᠭᠰᠠᠨ ᠣᠶ᠋ᠢᠵᠤᠩ ᠨᠣᠶᠠᠨ ᠤ᠋ ᠦᠶ᠎ᠡ ᠪᠡᠷ ᠥᠪᠡᠷ ᠦ᠋ᠨ ᠬᠠᠷᠢᠶᠠᠲᠤ ᠠᠶ᠋ᠢᠮᠠᠭ ᠢ᠋ᠶ᠋ᠠᠨ ᠨᠠᠢ᠍ᠮᠠᠨ ᠭᠡᠮᠡᠨ ᠨᠡᠷᠡᠶ᠋ᠢᠤᠠᠴᠦᠬᠦᠢ 》 ᠭᠡᠵᠡᠢ ᠃ ᠴᠢᠩ ᠤᠯᠤᠰ ᠤ᠋ᠨ ᠦᠶ᠎ᠡ ᠳ᠋ᠦ᠍ᠷ ᠨᠠᠢ᠍ᠮᠠᠨ ᠨᠢᠭᠡᠨ ᠬᠣᠰᠢᠭᠤ ᠪᠣᠯᠤᠨ ᠵᠣᠣ ᠤᠳᠠ ᠶ᠋ᠢᠨ ᠴᠢᠭᠤᠯᠭᠠᠨ ᠳ᠋ᠤᠷ ᠪᠠᠭᠲᠠᠵᠤᠬᠤᠢ ᠃ 
③ ᠳᠥᠲᠥᠭᠡᠷ ᠲᠠᠪᠤᠳᠤᠭᠠᠷ ᠳᠡᠭᠦᠦ ᠭᠡᠵᠦ ᠪᠣᠳᠢ ᠠᠯᠠᠭ ᠬᠠᠭᠠᠨ ᠤ᠋ ᠬᠥᠪᠡᠭᠦᠨ ᠣᠩᠭᠣᠨ ᠲᠤᠷᠬᠠᠯ ᠤ᠋ᠨ ᠬᠣᠶᠠᠷ ᠳᠡᠭᠦᠦ ᠶ᠋ᠢ ᠵᠢᠭᠠᠵᠤ ᠪᠣᠢ ᠃ 
④ ᠠᠯᠠᠭ ᠬᠠᠭᠠᠨ ᠄ ᠪᠣᠳᠢ ᠠᠯᠠᠭ ᠬᠠᠭᠠᠨ ᠃ 
⑤ ᠨᠡᠮᠡᠭ ᠨᠣᠶᠠᠨ ᠊ᠢ ᠵᠠᠷᠢᠮ ᠮᠣᠩᠭᠣᠯ ᠰᠤᠷᠪᠤᠯᠵᠢ ᠪᠢᠴᠢᠭ ᠲᠦ᠍ ᠠᠯᠮᠠᠭ᠌ ᠨᠣᠶᠠᠨ ᠭᠡᠬᠦ ᠃ 
⑥ 《 ᠢᠯᠡᠳᠬᠡᠯ ᠱᠠᠰᠲᠢᠷ 》 ᠪᠠ 《 ᠮᠣᠩᠭᠣᠯ ᠤ᠋ᠨ ᠨᠡᠭᠦᠬᠦ ᠮᠠᠯᠵᠢᠯ ᠤ᠋ᠨ ᠲᠡᠮᠳᠡᠭᠯᠡᠯ 》 ᠳ᠋ᠦ᠍ᠷ 《 ᠪᠤᠶ᠋ᠢᠮᠠ ᠲᠦᠰᠢᠶᠡᠲᠦ 》 ᠭᠡᠵᠡᠢ ᠃ ᠨᠡᠮᠡᠭ ᠦ᠋ᠨ ᠭᠠᠭᠴᠠ ᠬᠥᠪᠡᠭᠦᠨ ᠪᠤᠶᠤ ᠃ 
⑦ ᠮᠣᠩᠭᠣᠯ ᠤ᠋ᠨ ᠲᠡᠦᠬᠡᠨ ᠰᠤᠷᠪᠤᠯᠵᠢ ᠪᠢᠴᠢᠭ ᠦ᠋ᠳ ᠲᠦ᠍ ᠪᠤᠶ᠋ᠢᠮᠠ ᠲᠠᠶ᠋ᠢᠵᠢ ᠶ᠋ᠢᠨ ᠬᠣᠶᠠᠷ ᠬᠥᠪᠡᠭᠦᠨ ᠊ᠢ ᠲᠦᠴᠠᠩ ᠲᠤᠷᠬᠠᠯ ( ᠵᠠᠷᠢᠮ ᠳ᠋ᠤᠷ ᠲᠦᠴᠢᠩ ᠳᠤᠷᠠᠯ ) ᠂ ᠡᠰᠡᠨ ᠤᠶ᠋ᠢᠵᠩ ᠬᠣᠶᠠᠷ ᠭᠡᠵᠡᠢ《 ᠢᠯᠡᠳᠬᠡᠯ ᠱᠠᠰᠲᠢᠷ 》 ᠲᠤ᠌ ᠪᠤᠶ᠋ᠢᠮᠠ ᠲᠦᠰᠢᠶᠡᠲᠦ ( ᠪᠣᠶ᠋ᠢᠮᠠᠨ ᠲᠠᠶ᠋ᠢᠵᠢ ᠭᠡᠬᠦ ) ᠶ᠋ᠢᠨ ᠬᠥᠪᠡᠭᠦᠨ ᠊ᠢ ᠲᠠᠶ᠋ᠢᠴᠢᠩ ᠳᠦᠭᠦᠷᠡᠩ ᠂ ᠡᠰᠡᠨ ᠤᠶ᠋ᠢᠵᠤᠩ ᠭᠡᠵᠡᠢ ᠃ ᠮᠥᠨ ᠳᠠᠶ᠋ᠢᠴᠢᠩ ᠳᠦᠭᠦᠷᠡᠩ ᠦ᠋ᠨ ᠬᠣᠶᠠᠷ ᠬᠥᠪᠡᠭᠦᠨ ᠊ᠢ ᠰᠣᠨᠣᠮ ᠳᠦᠭᠦᠷᠡᠩ ᠂ ᠰᠡᠴᠡᠨ ᠵᠣᠷᠢᠭᠲᠤ ᠭᠡᠪᠡ ᠃ 

ᠲᠠᠶ᠋ᠢᠶᠢ ᠪᠤᠶᠤ ᠃ ᠲᠦᠷᠡᠩ ᠨᠣᠶᠠᠨ ᠤ᠋ ᠶᠡᠬᠡ ᠬᠥᠪᠡᠭᠦᠨ ᠮᠡᠴᠢ ᠸᠠᠩ ᠂ ᠳᠤᠮᠳᠠᠳᠤ ᠬᠥᠪᠡᠭᠦᠨ ᠪᠦᠲᠡ ᠸᠠᠩ ᠂ ᠲᠡᠭᠦᠨᠦ ᠬᠥᠪᠡᠭᠦᠨ ᠰᠠᠮᠪᠤᠯ ᠸᠠᠩ ᠲᠡᠭᠦᠨᠦ ᠡᠷᠳᠡᠨᠢ ᠨᠡᠷᠡᠲᠦ ᠬᠥᠪᠡᠭᠦᠨ ᠡᠴᠡ ᠲᠥᠷᠥᠭᠰᠡᠨ ᠠᠴᠢ ᠠᠨᠤ ᠦᠯᠡᠵᠡᠶ᠋ᠢᠲᠦ ᠸᠠᠩ ᠂ ᠰᠡᠷᠡᠩ ᠲᠠᠶ᠋ᠢᠵᠢ ᠶ᠋ᠢᠨ ᠬᠥᠪᠡᠭᠦᠨ ᠪᠠᠨᠳᠢ ᠸᠠᠩ① ᠂ ᠲᠡᠭᠦᠨᠦ ᠬᠥᠪᠡᠭᠦᠨ ᠮᠡᠷᠭᠡᠨ ᠸᠠᠩ ᠲᠡᠭᠦᠨᠦ ᠬᠥᠪᠡᠭᠦᠨ ᠵᠠᠮᠰᠤ ᠸᠠᠩ ᠃ ᠡᠰᠡᠨ ᠣᠶ᠋ᠢᠵᠤᠩ ᠨᠣᠶᠠᠨ ᠤ᠋ ᠬᠥᠪᠡᠭᠦᠨ ᠭᠦᠨᠴᠢᠨ ᠳᠠᠷᠬᠠᠨ ᠸᠠᠩ② ᠂ ᠲᠡᠭᠦᠨᠦ ᠳᠥᠷᠪᠡᠨ ᠬᠥᠪᠡᠭᠦᠨ ᠪᠡᠳᠡᠷᠢ ᠡᠸᠡᠣ ᠠᠭᠰᠠᠨ ᠸᠠᠩ ᠂ ᠵᠠᠩᠰᠠᠩ ᠸᠠᠩ ᠂ ᠦᠯᠡᠮᠵᠢ ᠪᠠᠶ᠋ᠢᠰᠠ ᠡᠳᠡᠨ ᠪᠤᠶᠤ ᠂ ᠪᠡᠳᠡᠷᠢ ᠡᠸᠡᠣ ᠶ᠋ᠢᠨ ᠬᠥᠪᠡᠭᠦᠨ ᠂ ᠸᠠᠴᠠᠷ ᠲᠣᠷᠬᠠᠨ ᠸᠠᠩ ᠂ ᠲᠡᠭᠦᠨᠦ ᠬᠥᠪᠡᠭᠦᠨ ᠪᠠᠨᠳᠢ ᠲᠣᠷᠬᠠᠨ ᠸᠠᠩ ᠣᠣᠬᠠᠨ ᠨᠠᠢ᠍ᠮᠠᠨ ᠨᠣᠶᠠᠳ ᠡᠳᠡᠨ ᠪᠣᠢ ᠃  

— — — —
① ᠪᠠᠨᠳᠢ ᠸᠠᠩ ᠄ ᠣᠣᠬᠠᠨ ᠬᠤᠰᠢᠭᠤᠨ ᠤ᠋ ᠵᠠᠰᠠᠭ ᠲᠥᠷᠥ ᠶ᠋ᠢᠨ ᠵᠢᠶᠦ᠋ᠨ ᠸᠠᠩ ᠃
② ᠭᠦᠨᠴᠢᠨ ᠳᠠᠷᠬᠠᠨ ᠸᠠᠩ ᠄ ᠪᠠᠰᠠ ᠭᠦᠨᠴᠢᠬ ᠂ ᠭᠣᠨᠴᠣᠭ ᠭᠡᠵᠦ ᠪᠢᠴᠢᠳᠡᠭ ᠃ ᠭᠦᠨᠴᠢᠬ ᠪᠣᠯ ᠨᠠᠢ᠍ᠮᠠᠨ ᠬᠤᠰᠢᠭᠤᠨ ᠤ᠋ ᠵᠠᠰᠠᠭ ᠲᠥᠷᠥ ᠶ᠋ᠢᠨ ᠵᠢᠶᠦ᠋ᠨ ᠸᠠᠩ ᠳᠡᠭᠡᠳᠦ ᠡᠷᠳᠡᠮᠲᠦ ᠶ᠋ᠢᠨ ᠠᠩᠬᠠᠨ ᠣᠨ (1627 ) ᠳ᠋ᠤ᠌ ᠡᠷᠭᠦᠮᠵᠢᠯᠡᠭᠳᠡᠵᠡᠢ ᠃ ᠴᠠᠬᠠᠷ ᠊ᠢ ᠳᠠᠶ᠋ᠢᠯᠠᠬᠤ ᠳᠠᠶ᠋ᠢᠨ ᠳ᠋ᠤ᠌ 《 ᠭᠠᠪᠢᠶ᠎ᠠ ᠪᠠᠶ᠋ᠢᠭᠤᠯᠤᠯ᠎ᠠ 》 ᠭᠡᠮᠡᠨ ᠮᠠᠨᠵᠤ ᠶ᠋ᠢᠨ ᠬᠠᠭᠠᠨ 《 ᠳᠠᠷᠬᠠᠨ 》 ᠴᠣᠯᠠ ᠱᠠᠩᠨᠠᠵᠠᠢ ᠃1653 ᠣᠨ ᠳ᠋ᠤ᠌ ᠨᠠᠰᠤ ᠪᠠᠷᠠᠪᠠ ᠃

ᠭᠠᠩᠬ᠋᠎ᠠ ᠶ᠋ᠢᠨ ᠤᠷᠤᠰᠬᠠᠯ ( ᠪᠦᠬᠦ ᠨᠣᠮ ) Гангын урсгал ( бүх ном )